ᠤᠯᠠᠮᠵᠢᠯᠠᠯᠲᠤ ᠰᠤᠷᠭᠠᠨ ᠬᠦᠮᠦᠵᠢᠯ
ᠣᠳᠣ ᠦᠶ᠎ᠡ ᠶᠢᠨ ᠰᠤᠷᠭᠠᠨ ᠬᠦᠮᠦᠵᠢᠯ
ᠭᠠᠳᠠᠭᠠᠲᠤ ᠶᠢᠨ ᠰᠤᠷᠭᠠᠨ ᠬᠦᠮᠦᠵᠢᠯ
          ᠬᠡᠦᠬᠡᠳ ᠦᠨ ᠦᠭᠡ ᠬᠡᠯᠡᠨ ᠦ ᠰᠠᠭᠤᠷᠢ ᠶᠢ
          ᠬᠡᠷᠬᠢᠨ ᠲᠠᠯᠪᠢᠬᠤ ᠲᠣᠬᠠᠢ ᠦᠭᠦᠯᠡᠬᠦ ᠨᠢ
                                 ᠤᠷᠠᠨᠰᠣᠶᠣᠯ
    ᠭᠡᠤᠭᠡᠳ ᠤᠨ ᠦᠭᠡ ᠭᠡᠯᠠᠨ ᠤ ᠰᠠᠭᠤᠷᠢ ᠵᠢ ᠲᠠᠯᠪᠢᠬᠤ ᠵᠠᠩᠬᠢᠯᠠᠭ᠎ᠠ ᠵᠢᠨ ᠴᠠᠭ ᠬᠤᠭᠤᠴᠠᠭ᠎ᠠ ᠪᠤᠯ 1-5 ᠨᠠᠰᠤᠨ ᠤ ᠬᠤᠭᠤᠷᠤᠨᠳᠤᠬᠢ ᠦᠶ᠎ᠠ ᠪᠤᠯᠤᠨ᠎ᠠ᠃  ᠭᠡᠷᠪᠡ ᠡᠨᠡᠭᠦ ᠬᠤᠭᠤᠴᠠᠭᠠᠨ ᠳᠤ ᠭᠡᠤᠭᠡᠳ ᠤᠨ ᠦᠭᠡ ᠭᠡᠯᠠᠨ ᠤ ᠭᠦᠭᠵᠢᠯᠳᠠ ᠨᠢ ᠬᠠᠷᠰᠢᠯᠠᠭᠳᠠᠪᠠᠯ  ᠲᠠᠭᠦᠨ ᠡᠴᠡ ᠬᠤᠢᠢᠰᠢᠬᠢ ᠭᠦᠭᠵᠢᠯᠳᠠ ᠲᠤᠮᠳᠠ ᠡᠳᠤᠢ ᠲᠠᠳᠤᠢ ᠰᠠᠭᠠᠳ ᠲᠤᠯᠭᠠᠷᠠᠬᠤ ᠪᠤᠯᠤᠨ᠎ᠠ᠃ ᠡᠢᠢᠮᠦ ᠡᠴᠡ ᠭᠡᠤᠭᠡᠳ ᠤᠨ ᠦᠭᠡ ᠭᠡᠯᠠᠨ ᠤ ᠰᠠᠭᠤᠷᠢ ᠵᠢ ᠵᠦᠪ ᠲᠠᠯᠪᠢᠵᠤ  ᠦᠭᠭᠦ ᠳᠤ ᠭᠡᠤᠭᠡᠳ ᠢ ᠭᠡᠷᠬᠢᠨ ᠡᠷᠳᠠ ᠭᠡᠯᠠ ᠳᠤ ᠤᠷᠤᠭᠤᠯᠬᠤ᠂ ᠭᠡᠷᠬᠢᠨ ᠵᠦᠪ ᠰᠤᠷᠭᠠᠬᠤ᠂ ᠭᠡᠷᠬᠢᠨ ᠦᠭᠡ ᠶᠠᠷᠢᠶ᠎ᠠ ᠳᠤ ᠲᠤᠷᠠᠳᠠᠢ ᠪᠤᠯᠭᠠᠬᠤ ᠵᠡᠷᠭᠡ ᠳᠤ ᠠᠩᠬᠠᠷᠤᠯ ᠵᠢᠠᠨ ᠲᠠᠯᠪᠢᠵᠤ ᠵᠦᠪ ᠵᠢᠭᠠᠨ ᠵᠢᠯᠤᠭᠤᠳᠬᠤ ᠨᠢ ᠲᠤᠩ ᠴᠢᠬᠤᠯᠠ ᠶᠠᠪᠤᠳᠠᠯ ᠮᠦᠨ᠃
    ᠤᠳᠤᠬᠠᠨ ᠤ ᠤᠯᠠᠩᠬᠢ ᠭᠡᠷ ᠪᠦᠯᠢ ᠵᠢ ᠠᠵᠢᠭᠯᠠᠵᠤ ᠦᠵᠠᠭᠦ ᠳᠤ ᠭᠠᠭᠴᠠ ᠭᠡᠤᠭᠡᠳ ᠲᠠᠢ ᠭᠡᠷ ᠪᠦᠯᠢ ᠭᠤᠤᠯ ᠪᠠᠢᠢᠷᠢ ᠵᠢ ᠡᠵᠠᠯᠠᠵᠤ ᠪᠠᠢᠢᠨ᠎ᠠ᠃ ᠡᠢᠢᠮᠦ ᠡᠴᠡ ᠭᠡᠤᠭᠡᠳ ᠤᠷᠤᠢ ᠭᠡᠯᠠᠨ ᠳᠤ ᠤᠷᠤᠬᠤ ᠪᠤᠶᠤ ᠦᠭᠡ ᠭᠡᠯᠠᠨ ᠤ ᠢᠪᠴᠤᠤᠷᠠᠯ ᠵᠡᠷᠭᠡ ᠨᠢ ᠭᠡᠷ ᠪᠦᠯᠢ ᠵᠢᠨ ᠤᠷᠴᠢᠨ ᠲᠤᠭᠤᠷᠢᠨ ᠲᠠᠢ ᠰᠢᠭᠤᠳ ᠬᠤᠯᠪᠤᠭᠳᠠᠵᠤ ᠨᠦᠯᠦᠭᠡᠯᠡᠭᠳᠡᠵᠤ ᠪᠠᠢᠢᠳᠠᠬ᠃ 
    ᠶᠠᠷᠤ ᠨᠢ ᠭᠡᠤᠭᠡᠳ ᠤᠨ ᠦᠭᠡ ᠶᠠᠷᠢᠶᠠᠨ ᠤ ᠪᠤᠢ ᠪᠤᠯᠬᠤ ᠱᠠᠳᠤ ᠵᠢ ᠲᠤᠤᠷᠠᠬᠢ ᠮᠠᠳᠤ ᠬᠤᠪᠢᠶᠠᠵᠤ ᠪᠤᠯᠳᠠᠬ᠄
    1.   1-1 ᠨᠠᠰᠤ ᠬᠠᠭᠠᠰ ᠤᠨ ᠦᠶ᠎ᠠ ᠵᠢ ᠭᠦᠮᠦᠨ ᠤ ᠦᠭᠡ ᠵᠢ ᠤᠢᠢᠯᠠᠭᠠᠬᠤ ᠱᠠᠳᠤ᠃
    2.   1 ᠨᠠᠰᠤ ᠬᠠᠭᠠᠰ ᠡᠴᠡ 3 ᠨᠠᠰᠤ ᠭᠦᠷᠳᠡᠯᠡᠬᠢ ᠦᠶ᠎ᠠ ᠵᠢ ᠢᠳᠡᠪᠬᠢᠳᠠᠢ ᠦᠭᠡ ᠭᠡᠯᠡᠭᠦ ᠱᠠᠳᠤ᠃
    3.   2᠂ 3 ᠨᠠᠰᠤᠨ ᠡᠴᠡ 6᠂7 ᠨᠠᠰᠤ ᠭᠦᠷᠳᠡᠯᠡᠬᠢ ᠦᠶ᠎ᠠ ᠪᠤᠯᠬᠤ ᠳᠤ ᠠᠮᠠᠨ ᠶᠠᠷᠢᠶ᠎ᠠ ᠵᠢ ᠦᠨᠳᠤᠰᠤᠨ ᠳᠡᠭᠡᠨ ᠡᠵᠠᠮᠰᠢᠵᠤ ᠴᠢᠳᠠᠬᠤ ᠱᠠᠳᠤ ᠭᠡᠭᠦ ᠵᠡᠷᠭᠡ ᠪᠠᠷ ᠠᠩᠬᠢᠯᠠᠵᠤ ᠪᠤᠯᠤᠨ᠎ᠠ᠃
    ᠭᠡᠤᠭᠡᠳ ᠡᠬᠢᠯᠠᠵᠤ ᠦᠭᠡ ᠭᠡᠯᠠᠵᠤ ᠰᠤᠷᠬᠤ ᠳᠤ ᠭᠤᠤᠯᠳᠠᠭᠤ ᠬᠠᠷᠢᠯᠴᠠᠬᠤ ᠭᠡᠯᠪᠠᠷᠢ ᠪᠠᠷ ᠢᠯᠠᠳᠭᠡᠭᠦ ᠴᠢᠳᠠᠪᠤᠷᠢ ᠨᠢ ᠢᠯᠠᠷᠠᠳᠡᠭ ᠪᠦᠭᠡᠳ ᠭᠠᠭᠴᠠᠭᠠᠷ ᠶᠠᠷᠢᠯᠴᠠᠬᠤ ᠭᠡᠯᠪᠠᠷᠢ ᠨᠢ ᠴᠦᠭᠡᠨ᠂  ᠡᠨᠠ ᠦᠶ᠎ᠠ ᠵᠢᠨ ᠭᠡᠤᠭᠡᠳ ᠤᠨ ᠢᠯᠠᠳᠭᠡᠭᠦ ᠴᠢᠳᠠᠪᠤᠷᠢ ᠨᠢ ᠲᠤᠤᠷ᠎ᠠ ᠪᠠᠢᠢᠳᠠᠬ ᠪᠤᠯᠬᠤᠷ ᠰᠡᠳᠬᠢᠯᠭᠡᠳᠤ ᠴᠢᠨᠠᠷ ᠵᠢᠠᠷ ᠴᠢᠩᠭ᠎ᠠ ᠪᠠᠢᠢᠳᠠᠬ᠃  ᠡᠢᠢᠮᠦ ᠡᠴᠡ ᠭᠡᠤᠭᠡᠳ ᠢ ᠨᠢᠭᠡ ᠨᠠᠰᠤ ᠦᠩᠭᠡᠷᠡᠮᠡᠭᠴᠠ ᠦᠭᠡ ᠶᠠᠷᠢᠶ᠎ᠠ ᠵᠢ ᠨᠢ ᠢᠯᠠᠭᠦᠭᠡᠨ ᠠᠩᠬᠠᠷᠤᠨ ᠬᠠᠯᠠᠮᠵᠢᠯᠠᠵᠤ᠂  ᠲᠠᠳᠠᠨ ᠳᠤ ᠴᠠᠭ ᠢᠮᠠᠭᠳᠠ ᠦᠭᠡ ᠭᠡᠯᠡ ᠪᠠᠷ ᠬᠠᠷᠢᠯᠴᠠᠬᠤ ᠲᠤᠬᠢᠶᠠᠯ ᠢ ᠰᠠᠨᠠᠭᠠᠴᠢᠯᠠᠭ᠎ᠠ ᠲᠠᠢ ᠪᠠᠷ ᠪᠦᠷᠢᠯᠳᠤᠭᠦᠯᠵᠤ᠂ ᠲᠠᠳᠠᠨ ᠳᠤ ᠦᠭᠡ ᠭᠡᠯᠠᠨ ᠤ ᠴᠢᠯᠦᠭᠡᠳᠠᠢ ᠤᠷᠴᠢᠨ ᠢ ᠬᠠᠩᠭᠠᠵᠤ ᠦᠭᠭᠦ ᠭᠡᠷᠡᠭᠳᠠᠢ᠃  ᠭᠡᠭᠦ ᠳᠤ ᠵᠠᠷᠢᠮ ᠨᠢᠭᠡ ᠪᠦᠯᠦᠭ ᠡᠴᠢᠭᠡ ᠡᠭᠡ ᠪᠤᠯᠤᠭᠰᠠᠳ ᠭᠡᠤᠭᠡᠳ ᠵᠢᠠᠨ ᠦᠭᠦᠭᠡᠷᠳᠠᠨ ᠬᠠᠢᠢᠷᠠᠯᠠᠬᠤ ᠳᠠᠭᠠᠨ ᠭᠡᠤᠭᠡᠳ ᠤᠨ ᠬᠠᠵᠠᠭᠠᠢ ᠭᠡᠯᠠᠭᠡᠢ ᠭᠡᠯᠠᠯᠭᠡ ᠵᠢ ᠭᠡᠯᠠᠭᠡᠢ ᠪᠠᠷ ᠨᠢ ᠲᠠᠭᠤᠷᠢᠶᠠᠵᠤ ᠬᠠᠷᠢᠭᠤ ᠶᠠᠷᠢᠬᠤ᠂  ᠤᠨᠴᠠᠭᠠᠢᠢᠯᠠᠨ  ᠵᠠᠷᠢᠮ ᠨᠠᠷ᠎ᠠ ᠦᠭᠡ ᠵᠢ ᠬᠠᠵᠠᠭᠠᠢ ᠶᠠᠷᠢᠬᠤ ᠦᠶᠠᠰ ᠵᠠᠯᠠᠷᠠᠭᠤᠯᠵᠤ ᠦᠭᠭᠦ ᠦᠭᠡᠢ ᠬᠠᠵᠠᠭᠠᠢ ᠪᠠᠷ ᠨᠢ ᠨᠠᠷᠠᠯᠠᠭᠦᠯᠵᠤ ᠰᠤᠷᠭᠠᠳᠠᠬ ᠪᠠᠢᠢᠨ᠎ᠠ᠃ ᠡᠭᠦᠨ ᠡᠴᠡ ᠪᠤᠯᠵᠤ ᠭᠡᠤᠭᠡᠳ ᠨᠠᠯᠢᠶᠠᠳ ᠲᠤᠮᠤ ᠪᠤᠯᠳᠠᠯ᠎ᠠ ᠦᠭᠡᠷᠡᠴᠢᠯᠠᠵᠤ ᠶᠠᠷᠢᠬᠤ ᠳᠤ ᠭᠦᠴᠢᠷᠳᠡᠳᠡᠭ᠃  ᠡᠢᠢᠮᠦᠷᠭᠦᠤ ᠪᠠᠢᠢᠳᠠᠯ ᠡᠴᠡ ᠵᠠᠢᠢᠯᠠᠰᠬᠢᠭᠦ ᠵᠢᠨ ᠲᠤᠰᠠᠳᠠ ᠭᠡᠤᠭᠡᠳ ᠤᠨ ᠵᠢᠠᠨ ᠬᠠᠵᠠᠭᠠᠢ ᠶᠠᠷᠢᠬᠤ ᠦᠵᠡᠭᠳᠡᠯ ᠢ ᠴᠠᠭ ᠲᠤᠬᠠᠢ ᠳᠤᠨᠢ ᠵᠠᠯᠠᠷᠠᠭᠤᠯᠵᠤ ᠦᠭᠭᠦᠨ᠂  ᠭᠡᠤᠭᠡᠳ ᠵᠢᠠᠨ ᠲᠠᠭᠠᠵᠤ ᠬᠠᠵᠠᠭᠠᠢ ᠪᠠᠷ ᠨᠢ ᠶᠠᠷᠢᠵᠤ ᠦᠭᠦᠭᠡᠷᠳᠠᠭᠦ ᠬᠠᠭᠤᠳᠠᠮᠠᠭᠠᠢ ᠠᠵᠢᠯᠯᠠᠭ᠎ᠠ ᠵᠢ ᠡᠷᠡᠰ ᠴᠠᠭᠡᠷᠯᠠᠪᠠᠯ ᠵᠤᠬᠢᠨ᠎ᠠ᠃
    ᠭᠡᠤᠭᠡᠳ ᠤᠨ ᠭᠤᠷᠪᠠᠨ ᠨᠠᠰᠤᠨ ᠤ ᠡᠮᠤᠨᠠᠭᠦᠷ ᠬᠤᠢᠢᠭᠤᠷᠬᠢ ᠴᠠᠭ ᠦᠶ᠎ᠠ ᠪᠤᠯ ᠲᠠᠳᠠᠨ ᠤ ᠦᠭᠡ ᠭᠡᠯᠠᠨ ᠤ ᠭᠦᠭᠵᠢᠯᠳᠠ ᠵᠢᠨ ᠴᠢᠬᠤᠯᠠ ᠨᠢᠭᠡᠨ ᠵᠠᠩᠭᠢᠯᠠᠭ᠎ᠠ ᠵᠢᠨ ᠴᠠᠭ ᠬᠤᠭᠤᠴᠠᠭ᠎ᠠ ᠮᠦᠨ᠃ ᠡᠨᠠ ᠦᠶ᠎ᠠ ᠵᠢᠨ ᠭᠡᠤᠭᠡᠳ ᠢ ᠡᠳᠤᠷᠵᠢᠨ ᠬᠠᠶᠠᠨ ᠳᠤᠨᠢ ᠬᠠᠶᠠᠵᠤ᠂ ᠲᠠᠳᠠᠨ ᠲᠠᠢ ᠰᠠᠨᠠᠭᠠᠴᠢᠯᠠᠭ᠎ᠠ ᠲᠠᠢ ᠪᠠᠷ ᠬᠠᠷᠢᠯᠴᠠᠵᠤ ᠶᠠᠷᠢᠯᠴᠠᠬᠤ ᠦᠭᠡᠢ᠂  ᠡᠳᠤᠷᠵᠢᠨ ᠭᠡᠷ ᠲᠠᠭᠡᠨ ᠬᠤᠷᠢᠵᠤ ᠲᠸᠯᠸᠢᠰ ᠦᠵᠠᠭᠦᠯᠵᠤ ᠪᠤᠰᠤᠳ ᠭᠡᠤᠭᠡᠳ ᠲᠠᠢ ᠲᠤᠭᠯᠠᠵᠤ ᠬᠠᠷᠢᠯᠴᠠᠬᠤ ᠲᠤᠬᠢᠶᠠᠯ ᠢ ᠪᠦᠷᠢᠯᠳᠤᠭᠦᠯᠵᠤ ᠦᠭᠭᠦ ᠦᠭᠡᠢ ᠪᠤᠯ ᠭᠡᠤᠭᠡᠳ ᠠᠶᠠᠨᠳᠠᠭᠠᠨ ᠦᠭᠡ ᠭᠡᠯᠠᠨ ᠤ ᠰᠠᠭᠠᠳ ᠲᠤ ᠤᠴᠠᠷᠠᠵᠤ᠂ ᠦᠭᠡ ᠭᠡᠯᠡᠭᠦ ᠲᠤᠷ᠎ᠠ ᠦᠭᠡᠢ ᠪᠤᠯᠵᠤ ᠨᠢᠭᠡᠨ 《ᠤᠨᠴᠠᠭᠠᠢ》 ᠭᠡᠤᠭᠡᠳ ᠪᠤᠯᠵᠤ ᠬᠤᠪᠢᠷᠠᠬᠤ ᠪᠤᠯᠤᠯᠴᠠᠭ᠎ᠠ ᠲᠠᠢ᠃ ᠡᠢᠢᠮᠦ ᠡᠴᠡ ᠭᠡᠷ ᠤᠨ ᠠᠬᠠᠮᠠᠳ ᠪᠤᠯᠤᠭᠰᠠᠳ ᠶᠠᠭᠤᠨ ᠤ ᠤᠷᠢᠳ ᠭᠡᠤᠭᠡᠳ ᠲᠠᠭᠡᠨ ᠦᠨᠢᠷ ᠪᠠᠶᠠᠯᠢᠬ ᠦᠭᠡ ᠭᠡᠯᠡᠨ ᠤ ᠤᠷᠴᠢᠨ ᠢ ᠪᠦᠷᠢᠯᠳᠤᠭᠦᠯᠵᠤ ᠦᠭᠭᠦ ᠵᠢ ᠴᠢᠬᠤᠯᠠᠴᠢᠯᠠᠵᠤ᠂  ᠲᠠᠳᠠᠨ ᠢ ᠶᠠᠷᠢᠬᠤ ᠲᠤᠷᠠᠳᠠᠢ᠂  ᠶᠠᠷᠢᠬᠤ ᠵᠤᠷᠢᠭᠳᠠᠢ ᠪᠤᠯᠭᠠᠬᠤ ᠨᠢ ᠬᠠᠮᠤᠭ ᠤᠨ ᠴᠢᠬᠤᠯᠠ ᠶᠠᠪᠤᠳᠠᠯ ᠮᠦᠨ᠃  ᠡᠢᠢᠮᠦ ᠡᠴᠡ ᠭᠡᠤᠭᠡᠳ ᠤᠨ ᠦᠭᠡ ᠭᠡᠯᠠᠨ ᠤ ᠰᠠᠭᠤᠷᠢ ᠵᠢ ᠵᠦᠪ ᠰᠠᠢᠢᠬᠠᠨ ᠲᠠᠯᠪᠢᠵᠤ ᠦᠭᠭᠦ ᠳᠤ ᠲᠤᠤᠷᠠᠬᠢ ᠭᠡᠳᠤᠨ ᠲᠠᠯ᠎ᠠ ᠵᠢ ᠠᠩᠬᠠᠷᠤᠨ ᠪᠠᠶᠠᠯᠠᠭᠦᠯᠭᠦ ᠴᠢᠬᠤᠯᠠᠳᠠᠢ ᠪᠠᠢᠢᠨ᠎ᠠ᠃
    1. ᠭᠡᠤᠭᠡᠳ ᠲᠤ ᠦᠭᠡ ᠶᠠᠷᠢᠬᠤ ᠲᠤᠬᠢᠶᠠᠯ ᠢ ᠤᠯᠭᠤᠵᠤ ᠦᠭᠭᠦᠨ᠎ᠠ᠃ ᠶᠠᠷᠤ ᠨᠢ ᠨᠢᠭᠡ ᠪᠦᠯᠦᠭ ᠡᠴᠢᠭᠡ ᠡᠭᠡ ᠪᠤᠯᠤᠭᠰᠠᠳ ᠠᠵᠢᠯ ᠤᠨ ᠶᠠᠭᠠᠷᠠᠤ ᠪᠤᠶᠤ ᠪᠤᠰᠤᠳ ᠰᠢᠯᠳᠠᠭᠠᠨ ᠡᠴᠡ ᠪᠤᠯᠵᠤ ᠤᠯᠠᠩᠬᠢ ᠴᠠᠭ ᠲᠤ ᠭᠡᠤᠭᠡᠳ ᠵᠢᠠᠨ ᠨᠢᠭᠡ ᠲᠠᠯ᠎ᠠ ᠳᠤᠨᠢ  ᠤᠷᠬᠢᠵᠤ ᠭᠠᠭᠴᠠᠭᠠᠷ ᠢ ᠲᠤᠭᠯᠠᠭᠠᠮ ᠢᠢᠡᠷ ᠰᠠᠭᠠᠳᠠᠭᠤᠯᠵᠤ ᠲᠤᠭᠯᠠᠭᠤᠯᠬᠤ ᠪᠤᠶᠤ ᠲᠸᠯᠸᠢᠰ ᠦᠵᠠᠭᠦᠯᠭᠦ ᠵᠡᠷᠭᠡ ᠪᠠᠷ ᠦᠩᠭᠡᠷᠡᠭᠦᠯᠵᠤ ᠪᠠᠢᠢᠳᠠᠬ᠃ ᠡᠭᠦᠨ ᠡᠴᠡ ᠪᠤᠯᠵᠤ ᠭᠡᠤᠭᠡᠳ ᠠᠶᠠᠨᠳᠠᠭᠠᠨ ᠦᠭᠡ ᠶᠠᠷᠢᠬᠤ ᠲᠤᠬᠢᠶᠠᠯ  ᠦᠭᠡᠢ ᠪᠤᠯᠵᠤ ᠭᠡᠤᠭᠡᠳ ᠤᠨ ᠦᠭᠡ ᠶᠠᠷᠢᠶᠠᠨ ᠤ ᠭᠦᠭᠵᠢᠯᠳᠠ ᠠᠰᠢᠭ ᠦᠭᠡᠢ ᠪᠠᠢᠢᠷᠢᠨ ᠳᠤ ᠤᠷᠤᠳᠠᠬ᠃  ᠬᠠᠷᠢᠨ ᠡᠭᠦᠨ ᠤ ᠡᠰᠠᠷᠭᠦ ᠪᠠᠷ ᠨᠦᠭᠦᠭᠡ ᠪᠦᠯᠦᠭ ᠡᠴᠢᠭᠡ ᠡᠭᠡᠴᠤᠳ ᠴᠢᠯᠦᠭᠡ ᠯᠡ ᠭᠠᠷᠪᠠᠯ ᠭᠡᠤᠭᠡᠳ ᠲᠠᠢ ᠪᠠᠨ ᠲᠤᠭᠯᠠᠵᠤ᠂  ᠲᠤᠭᠯᠠᠭᠠᠮ ᠤᠨ ᠲᠤᠮᠳᠠ ᠵᠤᠷᠢᠯᠭ᠎ᠠ ᠲᠠᠢ ᠪᠠᠷ ᠦᠭᠡ ᠶᠠᠷᠢᠶ᠎ᠠ ᠵᠢ ᠨᠢ ᠪᠤᠯᠪᠠᠰᠤᠷᠠᠭᠤᠯᠵᠤ᠂ ᠨᠠᠩ ᠴᠢᠨᠠᠭᠰᠢᠯᠠᠪᠠᠯ ᠭᠡᠤᠭᠡᠳ ᠲᠠᠭᠡᠨ ᠦᠭᠡ ᠶᠠᠷᠢᠶᠠᠨ ᠤ ᠰᠢᠯᠢᠳᠡᠭ ᠰᠠᠢᠢᠨ ᠤᠷᠴᠢᠨ ᠢ ᠬᠠᠩᠭᠠᠵᠤ ᠦᠭᠴᠤ ᠪᠠᠢᠢᠳᠠᠬ᠃  ᠵᠢᠱᠢᠶᠠᠯᠠᠪᠠᠯ᠂  ᠭᠡᠤᠭᠡᠳ ᠵᠢᠠᠨ ᠦᠷᠭᠦᠯᠵᠢ ᠭᠠᠳᠠᠨ᠎ᠠ ᠲᠠᠭᠠᠭᠤᠯᠵᠤ ᠵᠤᠭᠠᠴᠠᠬᠤ ᠳᠠᠭᠠᠨ ᠲᠠᠳᠠᠨ ᠳᠤ ᠰᠢᠨ᠎ᠠ ᠤᠷᠴᠢᠨ ᠡᠴᠡ ᠰᠢᠨ᠎ᠠ ᠠᠭᠤᠯᠭ᠎ᠠ ᠪᠦᠭᠦᠢ ᠦᠭᠡ ᠶᠠᠷᠢᠶ᠎ᠠ ᠵᠢ ᠰᠤᠷᠭᠠᠵᠤ ᠭᠡᠤᠭᠡᠳ ᠤᠨ ᠦᠭᠡ ᠶᠠᠷᠢᠶᠠᠨ ᠤ ᠴᠢᠳᠠᠪᠤᠷᠢ ᠵᠢ ᠦᠢᠯᠠᠳᠤᠯᠭᠡ ᠤᠷᠴᠢᠨ ᠵᠢᠠᠷ ᠪᠠᠶᠠᠯᠢᠬᠵᠢᠭᠤᠯᠵᠤ ᠪᠠᠢᠢᠳᠠᠬ᠃
    2. ᠭᠡᠤᠭᠡᠳ ᠢ ᠶᠠᠷᠢᠬᠤ ᠲᠤᠷᠠᠳᠠᠢ  ᠪᠤᠯᠭᠠᠬᠤ ᠵᠦᠭ ᠭᠦᠳᠤᠯᠤᠨ᠎ᠠ᠃  ᠡᠴᠢᠭᠡ ᠡᠭᠡ ᠪᠤᠯᠤᠭᠰᠠᠳ ᠦᠷᠭᠦᠯᠵᠢ ᠭᠡᠤᠭᠡᠳ ᠲᠠᠢ ᠪᠠᠨ ᠬᠠᠷᠢᠯᠴᠠᠵᠤ ᠲᠠᠳᠠᠨ ᠳᠤ ᠦᠨᠢᠷ ᠪᠠᠶᠠᠯᠢᠬ ᠦᠭᠡ ᠭᠡᠯᠡᠨ ᠤ ᠰᠠᠳᠠᠯᠳᠠ ᠵᠢ ᠦᠭᠴᠤ ᠲᠠᠳᠠᠨ ᠢ ᠦᠭᠡ ᠶᠠᠷᠢᠬᠤ ᠲᠤᠷᠠᠳᠠᠢ ᠪᠤᠯᠭᠠᠬᠤ ᠵᠦᠭ ᠭᠦᠳᠤᠯᠤᠨ᠎ᠠ᠃
    3. ᠭᠡᠤᠭᠡᠳ ᠢ ᠦᠭᠡ ᠶᠠᠷᠢᠬᠤ ᠵᠤᠷᠢᠭᠳᠠᠢ ᠪᠤᠯᠭᠠᠬᠤ ᠵᠦᠭ ᠭᠦᠳᠤᠯᠤᠨ᠎ᠠ᠃  ᠡᠴᠢᠭᠡ ᠡᠭᠡ ᠪᠤᠶᠤ ᠪᠠᠭᠰᠢ ᠪᠤᠯᠤᠭᠰᠠᠳ ᠭᠡᠤᠭᠡᠳ ᠤᠨ ᠶᠠᠷᠢᠬᠤ ᠵᠢ ᠭᠦᠯᠢᠴᠠᠩᠭᠦᠢ ᠰᠤᠨᠤᠰᠴᠤ  ᠬᠠᠯᠠᠭᠤᠮᠰᠤᠬ ᠵᠢᠠᠷ ᠬᠠᠨᠳᠤᠵᠤ᠂  ᠬᠠᠵᠠᠭᠠᠢ  ᠶᠠᠷᠢᠬᠤ ᠵᠢ ᠨᠢ ᠵᠠᠯᠠᠷᠠᠭᠤᠯᠵᠤ ᠦᠭᠭᠦᠨ᠂  ᠵᠦᠪ ᠲᠤᠳᠤ ᠶᠠᠷᠢᠬᠤ ᠵᠢ ᠨᠢ ᠵᠤᠷᠢᠬᠵᠢᠭᠤᠯᠪᠠᠯ ᠭᠡᠤᠭᠡᠳ ᠠᠶᠠᠨᠳᠠᠭᠠᠨ ᠵᠤᠢᠢᠳᠠᠢ ᠶᠠᠷᠢᠵᠤ ᠴᠢᠳᠠᠬᠤ ᠪᠤᠯᠤᠨ᠎ᠠ᠃
    ᠭᠡᠤᠭᠡᠳ ᠤᠨ ᠦᠭᠡ ᠭᠡᠯᠠ ᠪᠤᠯ ᠶᠠᠬ ᠭᠦᠭᠵᠢᠯᠳᠠ ᠵᠢᠨ ᠬᠤᠭᠤᠴᠠᠭᠠᠨ ᠳᠤ ᠪᠠᠢᠢᠬᠤ ᠤᠴᠢᠷ ᠲᠠᠳᠠᠨᠠᠷ ᠶᠠᠬ ᠦᠭᠡ ᠭᠡᠯᠠᠨ ᠤ ᠤᠢᠢᠯᠠᠭᠠᠯᠳᠠ ᠵᠢᠨ ᠱᠠᠳᠤᠨ ᠳᠤ ᠪᠠᠢᠢᠳᠠᠬ᠃  ᠡᠢᠢᠮᠦ ᠡᠴᠡ ᠭᠡᠷ ᠤᠨ ᠠᠬᠠᠮᠠᠳ ᠪᠤᠯᠤᠨ ᠪᠠᠭᠰᠢ ᠵᠢᠨ ᠢᠳᠡᠭᠡᠯ ᠤᠢᠢᠯᠠᠭᠠᠯᠳᠠ᠂  ᠭᠦᠯᠢᠶᠠᠨ ᠠᠪᠬᠤ ᠤᠪᠤᠷ ᠨᠢ ᠭᠡᠤᠭᠡᠳ ᠤᠨ ᠦᠭᠡ ᠶᠠᠷᠢᠶ᠎ᠠ ᠪᠠᠷ ᠬᠠᠷᠢᠯᠴᠠᠬᠤ ᠭᠦᠰᠠᠯ ᠢ ᠠᠶᠠᠨᠳᠠᠭᠠᠨ ᠪᠤᠢ ᠪᠤᠯᠭᠠᠳᠠᠬ᠃ 
    ᠨᠢᠭᠡ᠂ ᠭᠡᠤᠭᠡᠳ ᠤᠨ ᠡᠳᠤᠷ ᠲᠤᠳᠤᠮ ᠤᠨ ᠠᠮᠢᠳᠤᠷᠠᠯ ᠲᠤᠮᠳᠠᠬᠢ ᠡᠯ᠎ᠠ ᠵᠦᠢᠯ ᠤᠨ ᠲᠤᠬᠢᠶᠠᠯ ᠢ ᠠᠰᠢᠭᠯᠠᠵᠤ ᠦᠭᠡ ᠭᠡᠯᠠ ᠵᠢ ᠨᠢ ᠪᠠᠶᠠᠯᠢᠬᠵᠢᠭᠤᠯᠬᠤ
    1. ᠦᠷᠯᠦᠭᠡ ᠴᠡᠴᠡᠷᠯᠢᠭ᠌ ᠲᠤ ᠢᠷᠠᠭᠦ ᠴᠠᠭ ᠲᠤ ᠮᠠᠨᠳᠤᠴᠢᠯᠠᠭᠦ ᠭᠡᠯᠪᠠᠷᠢ ᠪᠠᠷ ᠦᠭᠡ ᠭᠡᠯᠠᠨ ᠤ ᠢᠯᠠᠳᠭᠡᠭᠦ ᠴᠢᠳᠠᠪᠤᠷᠢ ᠵᠢ ᠨᠢ ᠪᠤᠯᠪᠠᠰᠤᠷᠠᠭᠤᠯᠬᠤ ᠳᠠᠭᠠᠨ ᠭᠡᠤᠭᠡᠳ ᠤᠨ ᠤᠨᠴᠠᠯᠢᠭ ᠲᠤ ᠲᠤᠬᠢᠷᠠᠭᠤᠯᠵᠤ ᠪᠠᠢᠢᠬᠤ ᠭᠡᠷᠡᠭᠳᠠᠢ᠃  ᠦᠭᠡ ᠭᠡᠯᠠᠨ ᠤ ᠰᠠᠭᠠᠳ ᠲᠠᠢ ᠵᠠᠷᠢᠮ ᠭᠡᠤᠭᠡᠳ ᠪᠤᠶᠤ 《ᠤᠨᠴᠠᠭᠠᠢ》 ᠭᠡᠤᠭᠡᠳ ᠦᠷᠯᠦᠭᠡᠨ ᠤ ᠮᠠᠨᠳᠤ ᠵᠢ ᠪᠠᠶᠠᠯᠠᠭᠦᠯᠭᠦ ᠳᠤ ᠭᠦᠴᠢᠷᠳᠠᠭᠦ ᠦᠵᠡᠭᠳᠡᠯ ᠤᠷᠤᠰᠢᠳᠠᠬ᠃  ᠡᠨᠠ ᠦᠶ᠎ᠠ ᠳᠤ ᠪᠠᠭᠰᠢ ᠪᠤᠯᠤᠭᠰᠠᠳ ᠬᠠᠰᠢ ᠶᠠᠰᠢ ᠬᠠᠨᠳᠤᠵᠤ ᠪᠤᠯᠬᠤ ᠦᠭᠡᠢ᠃ ᠨᠠᠩ ᠴᠤ ᠠᠯᠪᠠᠳᠠᠬᠤ ᠠᠷᠭ᠎ᠠ ᠵᠢ ᠭᠡᠷᠡᠭᠯᠠᠵᠤ ᠪᠤᠯᠬᠤ ᠦᠭᠡᠢ᠃  ᠤᠯᠠᠨ ᠵᠦᠢᠯ ᠤᠨ ᠠᠷᠭ᠎ᠠ ᠭᠡᠯᠪᠠᠷᠢ ᠪᠠᠷ ᠭᠡᠤᠭᠡᠳ ᠢ ᠵᠤᠷᠢᠬᠵᠢᠭᠤᠯᠤᠨ᠂  ᠲᠠᠳᠠᠨ ᠤ ᠦᠭᠡ ᠭᠡᠯᠠᠨ ᠤ ᠰᠠᠭᠠᠳ ᠢ ᠠᠯᠭᠤᠷ ᠵᠢᠠᠷ ᠠᠷᠢᠯᠭᠠᠵᠤ ᠪᠤᠯᠤᠨ᠎ᠠ᠃
    2. ᠬᠢᠴᠢᠶᠠᠯ ᠤᠨ ᠭᠡᠷ ᠲᠠᠬᠢ ᠭᠦᠳᠠᠯᠪᠤᠷᠢ ᠵᠢᠨ ᠴᠠᠭ ᠲᠤ ᠭᠡᠤᠭᠡᠳ ᠲᠤᠭᠯᠠᠭᠠᠮ ᠵᠢᠠᠷ ᠲᠠᠮᠵᠢᠵᠤ ᠦᠪᠠᠷ ᠤᠨ ᠭᠦᠰᠠᠯ ᠪᠤᠳᠤᠯ ᠵᠢᠠᠨ ᠢᠯᠠᠷᠠᠭᠦᠯᠭᠦ ᠪᠠ ᠶᠠᠷᠢᠵᠤ ᠢᠯᠠᠳᠭᠡᠵᠤ ᠭᠠᠷᠭᠠᠳᠠᠬ᠃  ᠡᠨᠠ ᠦᠶᠠᠰ ᠪᠠᠭᠰᠢ ᠭᠡᠤᠭᠡᠳ ᠲᠠᠢ ᠶᠠᠷᠢᠯᠴᠠᠵᠤ ᠲᠠᠳᠠᠨ ᠤ ᠬᠢᠵᠤ ᠪᠦᠳᠤᠭᠡᠭᠰᠡᠨ ᠲᠦᠷᠰᠤ ᠵᠡᠷᠭᠡ ᠵᠢ ᠠᠰᠠᠭᠤᠵᠤ ᠦᠨᠠᠯᠠᠭᠦ ᠪᠠᠷ ᠲᠠᠮᠵᠢᠵᠤ ᠲᠠᠳᠠᠨ ᠳᠤ ᠦᠭᠡ ᠶᠠᠷᠢᠬᠤ ᠲᠤᠬᠢᠶᠠᠯ ᠢ ᠤᠯᠭᠤᠵᠤ ᠦᠭᠴᠤ ᠪᠤᠯᠤᠨ᠎ᠠ᠃
    3. ᠬᠢᠴᠢᠶᠠᠯ ᠤᠨ ᠭᠡᠷ ᠤᠨ ᠭᠠᠳᠠᠨᠠᠬᠢ ᠭᠦᠳᠠᠯᠪᠤᠷᠢ ᠵᠢᠨ ᠴᠠᠭ ᠲᠤ ᠲᠠᠮᠢᠷ ᠤᠨ ᠭᠦᠳᠠᠯᠪᠤᠷᠢ ᠵᠢᠨ ᠠᠭᠤᠯᠭ᠎ᠠ ᠮᠠᠳᠤ ᠵᠦᠢᠯ ᠢ ᠭᠡᠤᠭᠡᠳ ᠤᠨ ᠤᠴᠠᠯᠢᠭ ᠲᠤ ᠲᠤᠬᠢᠷᠠᠭᠤᠯᠤᠨ ᠲᠠᠳᠠᠨ ᠤ ᠲᠤᠷᠠᠳᠠᠢ ᠲᠤᠭᠯᠠᠭᠠᠮ ᠢ ᠶᠠᠪᠤᠭᠳᠠᠭᠤᠯᠵᠤ᠂ ᠭᠡᠤᠭᠡᠳ ᠤᠨ ᠵᠤᠬᠢᠶᠠᠨ ᠪᠠᠢᠢᠭᠤᠯᠬᠤ ᠴᠢᠳᠠᠪᠤᠷᠢ ᠵᠢ ᠪᠤᠯᠪᠠᠰᠤᠷᠠᠭᠤᠯᠵᠤ ᠪᠤᠯᠤᠨ᠎ᠠ᠃  ᠡᠭᠦᠨ ᠵᠢᠠᠷ ᠲᠠᠮᠵᠢᠵᠤ ᠨᠢᠭᠡ ᠪᠦᠯᠦᠭ ᠭᠡᠤᠭᠡᠳ ᠤᠨ ᠲᠠᠭᠠᠭᠤᠯᠵᠤ ᠲᠤᠭᠯᠠᠬᠤ ᠴᠢᠳᠠᠪᠤᠷᠢ ᠨᠢ ᠢᠯᠠᠷᠠᠵᠤ ᠲᠠᠳᠠᠨᠠᠷ ᠲᠤᠭᠯᠠᠭᠠᠮ ᠤᠨ ᠲᠤᠮᠳᠠ ᠲᠠᠪᠠᠭᠤᠯᠢᠬ ᠪᠠᠢᠢᠷᠢ ᠵᠢ ᠡᠵᠠᠯᠠᠵᠤ᠂ ᠲᠤᠭᠯᠠᠭᠠᠮ ᠤᠨ ᠲᠤᠮᠳᠠ ᠭᠤᠤᠯᠳᠠᠭᠤ ᠦᠭᠡ ᠭᠡᠯᠠ ᠪᠠᠷ ᠬᠠᠷᠢᠯᠴᠠᠬᠤ ᠪᠠᠢᠢᠳᠠᠯ ᠢᠯᠠᠷᠠᠵᠤ ᠪᠠᠢᠢᠳᠠᠬ᠃ ᠡᠨᠠ ᠦᠶᠠᠰ ᠪᠠᠭᠰᠢ ᠪᠤᠯᠤᠭᠰᠠᠳ ᠲᠠᠳᠠᠨ ᠤ ᠶᠠᠷᠢᠯᠴᠠᠭ᠎ᠠ ᠵᠢ ᠬᠠᠷᠰᠢᠯᠠᠬᠤ ᠦᠭᠡᠢ ᠪᠠᠢᠢᠬᠤ ᠵᠢ ᠬᠢᠴᠢᠶᠠᠭᠦ ᠭᠡᠷᠡᠭᠳᠠᠢ᠃
    4.  ᠭᠡᠤᠭᠡᠳ ᠤᠨ ᠬᠢᠴᠢᠶᠠᠯ ᠤᠨ ᠭᠠᠳᠠᠨᠡᠬᠢ ᠴᠢᠯᠦᠭᠡᠳᠠᠢ ᠲᠤᠭᠯᠠᠵᠤ ᠨᠠᠭᠠᠳᠬᠤ ᠴᠠᠭ ᠲᠤ᠂  ᠲᠠᠳᠠᠨᠠᠷ ᠤᠨ ᠲᠤᠮᠳᠠ ᠤᠯᠠᠨ ᠵᠦᠢᠯ ᠤᠨ ᠠᠭᠤᠯᠭ᠎ᠠ ᠪᠦᠭᠦᠢ ᠶᠠᠷᠢᠯᠴᠠᠭ᠎ᠠ ᠡᠭᠦᠰᠳᠡᠭ᠃  ᠶᠠᠷᠢᠯᠴᠠᠭᠠᠨ ᠤ  ᠲᠤᠮᠳᠠ ᠤᠯᠠᠨ ᠵᠦᠢᠯ ᠤᠨ ᠰᠡᠳᠬᠢᠯᠭᠡ ᠵᠢᠨ ᠬᠤᠪᠢᠷᠠᠯᠳᠠ ᠢᠯᠠᠷᠠᠵᠤ ᠪᠠᠶᠠᠷᠯᠠᠬᠤ᠂  ᠭᠤᠮᠤᠳᠠᠬᠤ᠂  ᠬᠢᠯᠢᠰᠳᠠᠭᠦ ᠵᠡᠷᠭᠡ ᠶᠠᠷᠢᠯᠴᠠᠭᠠᠨ ᠤ ᠠᠭᠤᠯᠭ᠎ᠠ ᠪᠠ ᠵᠦᠷᠢᠯᠳᠤᠭᠡᠨ ᠡᠭᠦᠰᠳᠡᠭ ᠪᠤᠯᠪᠠᠴᠤ ᠲᠡᠭᠦᠨ ᠢ ᠤᠯᠠᠩᠬᠢ ᠳᠠᠭᠠᠨ ᠦᠪᠠᠷᠳᠡᠭᠡᠨ ᠰᠢᠢᠳᠪᠤᠷᠢᠯᠠᠵᠤ ᠴᠢᠳᠠᠳᠠᠬ᠃
     ᠬᠤᠶᠠᠷ᠂  ᠤᠨᠴᠠᠭᠠᠢ  ᠡᠳᠤᠷ ᠢ ᠲᠤᠬᠢᠶᠠᠯᠳᠤᠭᠤᠯᠵᠤ ᠭᠦᠳᠠᠯᠪᠤᠷᠢ ᠦᠷᠨᠢᠭᠦᠯᠵᠤ ᠭᠡᠤᠭᠡᠳ ᠦᠨ ᠦᠭᠡ ᠭᠡᠯᠠ ᠵᠢ ᠪᠠᠶᠠᠯᠢᠬᠵᠢᠭᠤᠯᠬᠤ
    1.《ᠠᠮᠠᠷᠠᠯᠳᠠ》 ᠵᠢᠨ ᠡᠳᠤᠷ ᠵᠢᠠᠷ ᠰᠠᠳᠤᠪ ᠪᠤᠯᠭᠠᠵᠤ ᠭᠡᠤᠭᠡᠳ ᠤᠨ ᠦᠭᠡ ᠭᠡᠯᠠ ᠵᠢ ᠪᠠᠶᠠᠯᠢᠬᠵᠢᠭᠤᠯᠬᠤ ᠭᠦᠳᠠᠯᠪᠤᠷᠢ ᠶᠠᠪᠤᠭᠤᠯᠵᠤ ᠪᠤᠯᠤᠨ᠎ᠠ᠃  ᠵᠢᠱᠢᠶᠠᠯᠠᠪᠠᠯ᠄  《ᠭᠠᠷᠠᠭ ᠤᠨ ᠨᠢᠭᠡᠨ》 ‍ᠤ᠋ ᠡᠳᠤᠷ ᠢ ᠠᠰᠢᠭᠯᠠᠵᠤ ᠭᠡᠤᠭᠡᠳ ᠵᠢᠠᠷ 《ᠶᠠᠷᠢᠶ᠎ᠠ》  ᠬᠢᠯᠭᠡᠵᠤ ᠪᠤᠯᠤᠨ᠎ᠠ᠃ ᠶᠠᠷᠤ ᠨᠢ ᠭᠡᠤᠭᠡᠳ ᠦᠳ ᠬᠤᠭᠤᠷᠤᠨᠳᠤ ᠪᠠᠨ ᠠᠮᠠᠷᠠᠯᠳᠠ ᠵᠢᠨ ᠡᠳᠤᠷ ᠲᠤ ᠦᠩᠭᠡᠷᠡᠭᠦᠯᠦᠭᠰᠡᠨ ᠤᠴᠢᠷ ᠶᠠᠪᠤᠳᠠᠯ ᠵᠢᠠᠨ ᠶᠠᠷᠢᠬᠤ ᠲᠤᠷᠠᠳᠠᠢ ᠪᠠᠢᠢᠳᠠᠬ᠃ ᠲᠠᠷᠤᠢ ᠶᠠᠮᠠᠷ ᠲᠤᠭᠯᠠᠭᠠᠮ ᠵᠢᠠᠷ ᠲᠤᠭᠯᠠᠭᠰᠠᠨ᠂ ᠠᠪᠤ ᠡᠵᠢ ᠪᠠᠨ ᠲᠠᠭᠠᠵᠤ ᠶᠠᠮᠠᠷ ᠶᠠᠮᠠᠷ ᠭᠠᠵᠠᠷ ᠲᠤᠭᠤᠷᠢᠵᠤ ᠶᠠᠭᠤ ᠶᠠᠭᠤ ᠦᠵᠡᠭᠰᠡᠨ ᠵᠡᠷᠭᠡ ᠪᠠᠨ ᠮᠠᠰᠢ ᠤᠷᠮ᠎ᠠ ᠲᠠᠢ ᠨᠠᠷᠢᠨ ᠲᠤᠭᠠᠴᠠᠵᠤ ᠶᠠᠷᠢᠳᠠᠬ ᠪᠠᠢᠢᠨ᠎ᠠ᠃  ᠪᠠᠭᠰᠢ ᠡᠨᠠᠭᠦ ᠲᠤᠬᠢᠶᠠᠯ ᠢ ᠠᠰᠢᠭᠯᠠᠵᠤ ᠲᠠᠳᠠᠨ ᠢ ᠤᠷᠮᠠᠰᠢᠭᠤᠯᠤᠨ ᠶᠠᠷᠢᠯᠴᠠᠭ᠎ᠠ ᠦᠷᠨᠢᠭᠦᠯᠵᠤ᠂ ᠭᠡᠤᠭᠡᠳ ᠢ ᠵᠤᠬᠢᠶᠠᠨ ᠪᠠᠢᠢᠭᠤᠯᠤᠨ ᠵᠤᠷᠢᠬᠵᠢᠭᠤᠯᠵᠤ᠂  ᠭᠡᠤᠭᠡᠳ ᠪᠤᠯᠭᠠᠨ ᠵᠢᠠᠷ ᠶᠠᠷᠢᠭᠤᠯᠵᠤ᠂ ᠭᠡᠤᠭᠡᠳ ᠤᠨ ᠤᠷᠴᠢᠨ ᠲᠤᠭᠤᠷᠢᠨ ᠵᠢᠠᠨ ᠠᠵᠢᠭᠯᠠᠵᠤ ᠰᠡᠳᠬᠢᠭᠦ ᠤᠷᠮ᠎ᠠ ᠴᠢᠳᠠᠪᠤᠷᠢ ᠵᠢ ᠨᠢ ᠤᠯᠠᠮ ᠢᠯᠠᠭᠦᠤ ᠨᠡᠮᠡᠭᠳᠠᠭᠦᠯᠵᠤ᠂  ᠲᠠᠳᠠᠨ ᠤ ᠶᠠᠷᠢᠵᠤ ᠢᠯᠠᠳᠭᠡᠭᠦ ᠤᠷᠮ᠎ᠠ ᠰᠡᠳᠬᠢᠯᠭᠡ ᠵᠢ ᠨᠢ ᠤᠷᠬᠢᠯᠤᠭᠤᠯᠵᠤ ᠪᠤᠯᠤᠨ᠎ᠠ᠃
    2. 《ᠰᠢᠨ᠎ᠠ ᠵᠢᠯ ᠤᠨ ᠪᠠᠶᠠᠷ》 ‍ᠤ᠋ᠨ ᠠᠭᠤᠯᠭ᠎ᠠ ᠪᠠᠷ ᠶᠠᠷᠢᠯᠴᠠᠭ᠎ᠠ ᠦᠷᠨᠢᠭᠦᠯᠵᠤ᠂ ᠭᠡᠤᠭᠡᠳ ᠦᠨ ᠦᠭᠡ ᠭᠡᠯᠠ ᠵᠢ ᠪᠠᠶᠠᠯᠢᠬᠵᠢᠭᠤᠯᠬᠤ
    ᠭᠡᠤᠭᠡᠳ ᠦᠳ ᠵᠢᠠᠷ 《ᠰᠢᠨ᠎ᠠ ᠵᠢᠯ》 ‍ᠤ᠋ᠨ ᠤᠨᠴᠠᠯᠢᠬ ᠰᠢᠨᠵᠢ ᠵᠢ ᠶᠠᠷᠢᠯᠴᠠᠭᠤᠯᠬᠤ ᠨᠢ ᠪᠠᠰᠠ ᠨᠢᠭᠡᠨ ᠠᠯᠳᠠᠵᠤ ᠪᠤᠯᠤᠰᠢ ᠦᠭᠡᠢ ᠰᠠᠢᠢᠨ ᠲᠤᠬᠢᠶᠠᠯ ᠮᠦᠨ᠃  《ᠰᠢᠨ᠎ᠠ ᠵᠢᠯ ᠤᠨ ᠰᠢᠬᠢᠷ ᠪᠤᠤᠪᠤ ᠠᠷᠪᠢᠨ ᠤᠤ᠂ ᠠᠮᠳᠠᠳᠠᠢ ᠤᠤ》᠂ 《ᠰᠢᠨ᠎ᠠ ᠵᠢᠯ ᠤᠨ ᠵᠤᠴᠢᠨ ᠤᠯᠠᠨ ᠤᠤ》᠂ 《ᠰᠢᠨ᠎ᠠ ᠵᠢᠯ ᠳᠤ ᠶᠠᠮᠠᠷ ᠬᠤᠪᠴᠠᠰᠤ ᠡᠮᠦᠰᠦᠭᠰᠡᠨ ᠪᠤᠢ》᠂ 《ᠰᠢᠨ᠎ᠠ ᠵᠢᠯ ᠤᠨ ᠳ᠋ᠸᠩ ᠭᠡᠷᠡᠯᠳᠠᠢ ᠦᠦ》᠂ 《ᠰᠢᠨ᠎ᠠ ᠵᠢᠯ ᠳᠤ ᠪᠠᠶᠠᠷ ᠭᠦᠷ ᠲᠠᠢ ᠦᠦ》 ᠭᠡᠭᠦ ᠮᠠᠳᠤ ᠪᠠᠷ ᠶᠠᠷᠢᠯᠴᠠᠭ᠎ᠠ ᠪᠠᠨ ᠦᠷᠭᠡᠨ ᠵᠢᠠᠷ ᠶᠠᠪᠤᠭᠳᠠᠭᠤᠯᠵᠤ ᠭᠡᠤᠭᠡᠳ ᠤᠨ ᠶᠠᠷᠢᠬᠤ ᠤᠷᠮ᠎ᠠ ᠵᠢ ᠭᠦᠭᠵᠢᠭᠡᠵᠤ᠂ ᠦᠭᠡ ᠭᠡᠯᠠᠨ ᠤ ᠬᠢᠨᠢ ᠠᠭᠤᠯᠭ᠎ᠠ ᠵᠢ ᠪᠠᠶᠠᠯᠢᠬᠵᠢᠭᠤᠯᠤᠨ᠎ᠠ᠃
    3. 《3.8》 ‍ᠤ᠋ ᠡᠮᠡᠭᠳᠠᠢᠢᠴᠤᠳ ᠤᠨ ᠪᠠᠶᠠᠷ ᠢ ᠲᠤᠬᠢᠶᠠᠯᠳᠤᠭᠤᠯᠵᠤ ᠭᠡᠤᠭᠡᠳ ᠦᠨ ᠦᠭᠡ ᠭᠡᠯᠠ ᠵᠢ ᠪᠠᠶᠠᠯᠢᠬᠵᠢᠭᠤᠯᠬᠤ
    ᠭᠡᠤᠭᠡᠳ ᠦᠳ ᠴᠦᠮ ᠡᠵᠢ ᠵᠢᠨ ᠵᠢᠠᠨ ᠭᠡᠷᠡᠭᠯᠠᠵᠤ ᠵᠠᠷᠤᠳᠠᠬ ᠵᠦᠢᠯ ᠢ ᠮᠠᠰᠢ ᠰᠠᠢᠢᠨ ᠤᠢᠢᠯᠠᠭᠠᠳᠠᠬ ᠲᠤᠯᠠ ᠪᠠᠭᠰᠢ ᠡᠨᠠ ᠲᠠᠯ᠎ᠠ ᠵᠢ ᠠᠰᠢᠭᠯᠠᠵᠤ ᠭᠦᠳᠠᠯᠪᠤᠷᠢ ᠶᠠᠪᠤᠭᠳᠠᠭᠤᠯᠵᠤ ᠪᠤᠯᠳᠠᠬ᠃  ᠲᠠᠷᠤᠢ 《3.8》 ‍ᠤ᠋ ᠪᠠᠶᠠᠷ ᠤᠨ ᠡᠳᠤᠷ ᠢ ᠲᠤᠬᠢᠶᠠᠯᠳᠤᠭᠤᠯᠵᠤ ᠭᠡᠤᠭᠡᠳ ᠦᠳ ᠵᠢᠠᠷ ᠡᠵᠢ ᠵᠢᠨ ᠬᠢᠨᠢ ᠬᠠᠮᠤᠭ ᠤᠨ ᠲᠤᠭᠤᠳᠠᠬ ᠦᠩᠭᠡ ᠪᠠ ᠭᠡᠷᠡᠭᠯᠠᠳᠡᠭ ᠵᠦᠢᠯ ᠢ ᠶᠠᠷᠢᠭᠤᠯᠵᠤ ᠡᠵᠢ ᠳᠡᠭᠡᠨ ᠭᠦᠷᠭᠡᠭᠦ ᠪᠡᠯᠡᠭ ᠢ ᠵᠢᠷᠤᠭᠤᠯᠵᠤ ᠪᠤᠯᠤᠨ᠎ᠠ᠃
   ᠭᠤᠷᠪᠠ᠂  ᠡᠯ᠎ᠠ ᠵᠦᠢᠯ ᠤᠨ ᠬᠢᠴᠢᠶᠠᠯ ᠲᠦᠷᠤᠯ ᠳᠤ ᠦᠭᠡ ᠭᠡᠯᠠᠨ ᠤ ᠠᠭᠤᠯᠭ᠎ᠠ ᠵᠢ ᠤᠷᠠᠨ ᠲᠠᠮᠳᠠᠢ ᠰᠢᠮᠠᠳᠭᠡᠨ ᠦᠭᠡ ᠭᠡᠯᠠ ᠵᠢ ᠨᠢ ᠪᠠᠶᠠᠯᠢᠬᠵᠢᠭᠤᠯᠬᠤ
    1. 《ᠦᠭᠡ ᠭᠡᠯᠠᠨ》 ‍ᠤ᠋ ᠬᠢᠴᠢᠶᠠᠯ ᠢ ᠠᠰᠢᠭᠯᠠᠵᠤ᠂ ᠰᠢᠯᠦᠭ ᠤᠶᠠᠩᠭ᠎ᠠ ᠵᠢ ᠴᠠᠭᠡᠵᠢᠯᠠᠭᠦᠯᠵᠤ 《ᠦᠭᠡ ᠭᠡᠯᠠᠨ》 ‍ᠤ᠋ ᠰᠠᠭᠤᠷᠢ ᠵᠢ ᠨᠢ ᠲᠠᠯᠪᠢᠬᠤ ᠳᠤ ᠲᠦᠯᠬᠢᠭ᠌ᠴᠢ ᠭᠦᠴᠦᠨ ᠪᠤᠯᠭᠠᠵᠤ ᠪᠤᠯᠤᠨ᠎ᠠ᠃  《ᠦᠭᠡ ᠭᠡᠯᠠᠨ》‍ᠤ᠋ ᠬᠢᠴᠢᠶᠠᠯ ᠨᠢ ᠭᠡᠤᠭᠡᠳ ᠤᠨ ᠭᠡᠯᠠ ᠶᠠᠷᠢᠶ᠎ᠠ ᠵᠢ ᠪᠠᠶᠠᠯᠢᠬᠵᠢᠭᠤᠯᠬᠤ ᠳᠤ ᠴᠢᠬᠤᠯᠠ ᠦᠢᠯᠡᠳᠤᠯ ᠢ ᠦᠵᠠᠭᠦᠯᠳᠡᠭ᠂ ᠲᠠᠷᠤᠢ ᠭᠡᠤᠭᠡᠳ ᠲᠤ ᠤᠬᠤᠷ ᠠᠪᠰᠠᠷᠬᠠᠨ ᠰᠢᠯᠦᠭ᠂ ᠦᠯᠢᠭᠡᠷ ᠢ ᠴᠠᠭᠡᠵᠢᠯᠠᠭᠦᠯᠵᠤ᠂《ᠵᠤᠢᠢᠷ ᠰᠠᠴᠠᠨ ᠦᠭᠡ》 ᠪᠠ 《ᠤᠨᠢᠰᠤᠭ᠎ᠠ》᠂ 《ᠭᠡᠯᠠ ᠪᠤᠯᠪᠠᠰᠤᠷᠠᠭᠤᠯᠬᠤ ᠦᠭᠡ》 ᠵᠡᠷᠭᠡ ᠵᠢ ᠴᠠᠭᠡᠵᠢᠯᠠᠭᠦᠯᠭᠦ ᠨᠢ ᠭᠡᠤᠭᠡᠳ ᠤᠨ ᠭᠡᠯᠡᠨ ᠤ ᠮᠠᠳᠠᠷᠠᠮᠵᠢ ᠵᠢ ᠰᠠᠢᠢᠵᠢᠷᠠᠭᠤᠯᠵᠤ᠂  ᠰᠡᠳᠬᠢᠭᠦᠢ ᠵᠢ ᠨᠢ ᠭᠦᠭᠵᠢᠭᠦᠯᠭᠦ ᠨᠢᠭᠡᠨ ᠴᠢᠬᠤᠯᠠ ᠠᠷᠭ᠎ᠠ ᠪᠠᠷᠢᠯ ᠪᠤᠯᠳᠠᠬ᠃ ᠨᠠᠩ ᠢᠯᠠᠩᠭᠤᠶ᠎ᠠ ᠵᠢᠷᠤᠭ ᠢ ᠠᠵᠢᠭᠯᠠᠵᠤ ᠦᠭᠦᠯᠠᠪᠤᠷᠢ ᠪᠦᠳᠤᠭᠡᠭᠦ ᠪᠠ ᠦᠯᠢᠭᠡᠷ ᠨᠠᠢᠢᠷᠠᠭᠤᠯᠬᠤ ᠨᠢ ᠭᠡᠤᠭᠡᠳ ᠤᠨ ᠤᠷᠠᠨ ᠰᠡᠳᠭᠢᠭᠦᠢ ᠵᠢ ᠭᠦᠭᠵᠢᠭᠦᠯᠵᠤ᠂ᠭᠡᠯᠠ ᠶᠠᠷᠢᠶᠠᠨ ᠳᠤ ᠪᠠᠬᠠᠳᠠᠢ ᠪᠤᠯᠭᠠᠬᠤ ᠪᠠ ᠦᠭᠡᠰ ᠤᠨ ᠰᠠᠩ ᠢ ᠪᠠᠶᠠᠯᠢᠬᠵᠢᠭᠤᠯᠬᠤ ᠳᠤ ᠲᠤᠩ ᠴᠢᠬᠤᠯᠠ ᠦᠢᠯᠠᠳᠤᠯ ᠢ ᠦᠵᠡᠭᠦᠯᠳᠡᠭ᠃
    2.《ᠨᠠᠢᠢᠭᠡᠮ》 ‍ᠤ᠋ᠨ ᠭᠦᠳᠠᠯᠪᠤᠷᠢ ᠵᠢ ᠠᠰᠢᠭᠯᠠᠵᠤ ᠪᠤᠯᠪᠠᠰᠤᠨ ᠦᠭᠡ ᠶᠠᠷᠢᠶ᠎ᠠ ᠵᠢ ᠰᠤᠷᠭᠠᠵᠤ᠂  ᠭᠡᠤᠭᠡᠳ ᠤᠨ ᠦᠭᠡ ᠶᠠᠷᠢᠶ᠎ᠠ ᠵᠢ ᠨᠢ ᠪᠤᠯᠪᠠᠰᠤᠷᠠᠭᠤᠯᠵᠤ ᠪᠤᠯᠤᠨ᠎ᠠ᠃ ᠭᠡᠤᠭᠡᠳ ᠲᠤ ᠶᠤᠰᠤ ᠮᠤᠷᠠᠯ ᠤᠨ ᠭᠦᠮᠦᠵᠢᠯ ᠬᠢᠭᠦ ᠪᠠᠷ ᠲᠠᠮᠵᠢᠵᠤ ᠲᠠᠳᠠᠨ ᠳᠤ ᠡᠳᠤᠷ ᠲᠤᠳᠤᠮ ᠤᠨ ᠠᠮᠢᠳᠤᠷᠠᠯ ᠲᠤᠮᠳᠠᠬᠢ ᠪᠤᠯᠪᠠᠰᠤᠨ ᠶᠤᠰᠤᠷᠬᠠᠬ ᠦᠭᠡ ᠶᠠᠷᠢᠶ᠎ᠠ ᠵᠢ ᠰᠤᠷᠭᠠᠵᠤ ᠪᠤᠯᠤᠨ᠎ᠠ᠃ ᠵᠢᠱᠢᠶᠠᠯᠠᠪᠠᠯ᠂ ᠭᠡᠷ ᠲᠤ ᠵᠤᠴᠢᠨ ᠢᠷᠠᠭᠦ ᠳᠤ ᠭᠡᠷᠬᠢᠨ ᠤᠭᠳᠤᠵᠤ ᠵᠤᠴᠢᠯᠠᠬᠤ ᠲᠤᠬᠠᠢ ᠶᠠᠷᠢᠯᠴᠠᠬᠤ ᠳᠤ 《ᠲᠠ ᠰᠠᠢᠢᠨ ᠤᠤ》᠂ 《ᠲᠠ ᠰᠠᠭᠤ᠂ 《ᠲᠠ ᠴᠠᠢ ᠤᠤᠭᠤ》᠂ 《ᠪᠠᠶᠠᠷᠳᠠᠢ》 ᠭᠡᠭᠦ ᠮᠠᠳᠤ ᠵᠢᠨ ᠤᠯᠠᠨ ᠤᠯᠠᠨ ᠪᠤᠯᠪᠠᠰᠤᠨ ᠶᠤᠰᠤᠷᠬᠠᠬ ᠦᠭᠡ ᠶᠠᠷᠢᠶ᠎ᠠ ᠪᠠᠷ ᠬᠠᠷᠢᠯᠴᠠᠬᠤ ᠵᠢ ᠤᠢᠢᠯᠠᠭᠠᠭᠤᠯᠵᠤ ᠪᠤᠯᠤᠨ᠎ᠠ᠃
    3.《ᠲᠤᠭᠠᠨ》‍ᠤ᠋ ᠭᠦᠳᠠᠯᠪᠤᠷᠢ ᠵᠢ ᠠᠰᠢᠭᠯᠠᠵᠤ ᠭᠡᠤᠭᠡᠳ ᠤᠨ ᠦᠭᠡ ᠶᠠᠷᠢᠶ᠎ᠠ ᠵᠢ ᠪᠠᠰᠠ ᠪᠠᠶᠠᠯᠢᠬᠵᠢᠭᠤᠯᠵᠤ ᠪᠤᠯᠤᠨ᠎ᠠ᠃  ᠶᠠᠮᠠᠷᠴᠤ ᠬᠢᠴᠢᠶᠠᠯ ᠲᠦᠷᠤᠯ ᠢ ᠵᠢᠭᠠᠬᠤ ᠳᠤ ᠤᠳᠬ᠎ᠠ ᠰᠠᠨᠠᠭ᠎ᠠ ᠵᠢ ᠨᠢ ᠴᠦᠮ ᠦᠭᠡ ᠭᠡᠯᠠ ᠪᠠᠷ ᠢᠯᠠᠳᠭᠡᠵᠤ ᠭᠠᠷᠭᠠᠳᠠᠬ᠃ ᠭᠡᠷᠡᠭ ᠪᠤᠳᠠᠰ ᠤᠨ ᠤᠯᠨᠨ ᠴᠦᠭᠡᠨ᠂ ᠶᠠᠭᠡ ᠪᠠᠭ᠎ᠠ᠂  ᠪᠦᠳᠤᠭᠦᠨ ᠨᠠᠷᠢᠨ᠂  ᠦᠨᠳᠤᠷ ᠪᠤᠭᠤᠨᠢ ᠵᠢᠨ ᠤᠬᠠᠭᠳᠠᠬᠤᠨ ᠢ ᠴᠦᠮ ᠦᠭᠡ ᠭᠡᠯᠠ ᠪᠠᠷ ᠢᠯᠠᠳᠭᠡᠵᠤ ᠤᠢᠢᠯᠠᠭᠠᠭᠤᠯᠳᠠᠬ᠃ ᠵᠢᠱᠢᠶᠠᠯᠠᠪᠠᠯ ᠠᠷᠪᠠ ᠲᠤᠳᠤᠷᠠᠬᠢ ᠲᠤᠭ᠎ᠠ ᠵᠢ ᠲᠠᠨᠢᠭᠤᠯᠵᠤ ᠴᠠᠭᠡᠵᠢᠯᠠᠭᠦᠯᠭᠦ ᠳᠤ 《ᠵᠠᠭᠦᠨ ᠪᠠᠷᠠᠭᠤᠨ ᠭᠠᠷ ᠲᠤ ᠭᠡᠳᠤᠨ ᠬᠤᠷᠤᠭᠤ ᠪᠠᠢᠢᠬᠤ》 ᠪᠠ 《ᠮᠤᠳᠤᠨ ᠲᠡᠭᠡᠷ᠎ᠠ ᠭᠡᠳᠤᠨ ᠰᠢᠪᠠᠭᠤ ᠪᠠᠢᠢᠬᠤ᠂ ᠪᠠᠰᠠ ᠭᠡᠳᠤ ᠨᠡᠮᠡᠭᠳᠠᠪᠠ》 ᠭᠡᠭᠦ ᠮᠠᠳᠤ ᠵᠢᠨ ᠦᠨᠠᠨ ᠪᠤᠳᠠᠳᠠᠢ᠂ ᠦᠨᠢᠷ ᠪᠠᠶᠠᠯᠢᠬ ᠤᠳᠬ᠎ᠠ ᠪᠦᠭᠦᠢ ᠦᠭᠡ ᠶᠠᠷᠢᠶ᠎ᠠ ᠪᠠᠷ ᠭᠡᠤᠭᠡᠳ ᠲᠠᠢ ᠶᠠᠷᠢᠯᠴᠠᠵᠤ ᠪᠤᠯᠳᠠᠬ᠃
    4.《ᠤᠷᠠᠨ ᠵᠢᠷᠤᠭ》 ‍ᠤ᠋ᠨ ᠭᠦᠳᠠᠯᠪᠤᠷᠢ ᠵᠢ ᠠᠰᠢᠭᠯᠠᠵᠤ ᠭᠡᠤᠭᠡᠳ ᠤᠨ ᠦᠭᠡ ᠶᠠᠷᠢᠶ᠎ᠠ ᠵᠢ ᠪᠠᠶᠠᠯᠢᠬᠵᠢᠭᠤᠯᠵᠤ ᠪᠤᠯᠤᠨ᠎ᠠ᠃ ᠭᠡᠤᠭᠡᠳ ᠲᠤ ᠵᠢᠷᠤᠭ᠂ ᠪᠤᠳᠤᠭ ᠢ ᠰᠤᠷᠭᠠᠬᠤ ᠪᠠᠷ ᠲᠠᠮᠵᠢᠵᠤ ᠦᠩᠭᠡ ᠲᠠᠨᠢᠭᠤᠯᠵᠤ᠂ ᠤᠯᠠᠨ ᠲᠦᠷᠤᠯ ᠤᠨ ᠦᠩᠭᠡ ᠲᠦᠷᠰᠤ ᠵᠢᠨ ᠨᠠᠷᠠᠰ ᠢ ᠴᠠᠭᠡᠵᠢᠯᠠᠭᠦᠯᠵᠤ ᠪᠤᠯᠳᠠᠬ᠃  ᠨᠠᠩ ᠴᠢᠨᠠᠭᠰᠢᠯᠠᠪᠠᠯ ᠦᠪᠠᠷᠰᠠᠳ ᠤᠨ ᠬᠢᠨᠢ ᠪᠦᠳᠤᠭᠡᠯ ᠤᠨ ᠪᠠᠶᠠᠯᠢᠬ ᠰᠠᠢᠢᠬᠠᠨ ᠠᠭᠤᠯᠭ᠎ᠠ ᠵᠢ ᠶᠠᠷᠢᠭᠤᠯᠬᠤ ᠨᠢ ᠪᠠᠰᠠ ᠲᠠᠳᠠᠨ ᠳᠤ ᠭᠦᠰᠠᠯ ᠪᠤᠳᠤᠯ ᠵᠢᠠᠨ ᠲᠠᠯᠭᠡᠨ ᠶᠠᠷᠢᠬᠤ ᠴᠢᠯᠦᠭᠡᠳᠠᠢ ᠤᠷᠴᠢᠨ ᠪᠤᠯᠳᠠᠬ᠃  ᠭᠡᠤᠭᠡᠳ ᠤᠨ ᠦᠭᠡ ᠭᠡᠯᠠᠨ ᠤ ᠴᠢᠳᠠᠪᠤᠷᠢ ᠵᠢ ᠪᠤᠯᠪᠠᠰᠤᠷᠠᠭᠤᠯᠤᠨ ᠭᠦᠭᠵᠢᠭᠦᠯᠭᠦ ᠳᠤ᠂  ᠡᠳᠤᠷ ᠲᠤᠳᠤᠮ ᠤᠨ ᠠᠮᠢᠳᠤᠷᠠᠯ ᠰᠤᠷᠤᠯᠴᠠᠯᠭ᠎ᠠ ᠲᠤᠮᠳᠠᠬᠢ ᠦᠨᠴᠦᠭ ᠪᠤᠯᠤᠩ᠂  ᠭᠤᠭᠴᠤᠭ᠎ᠠ ᠬᠤᠯᠪᠤᠭ᠎ᠠ ᠵᠢ ᠠᠯᠳᠠᠯ ᠦᠭᠡᠢ ᠠᠳᠬᠤᠵᠤ ᠴᠢᠳᠠᠪᠠᠯ ᠭᠡᠤᠭᠡᠳ ᠤᠨ ᠦᠭᠡ ᠭᠡᠯᠡᠨ ᠤ ᠴᠢᠳᠠᠪᠤᠷᠢ ᠪᠤᠢ ᠪᠤᠯᠵᠤ ᠴᠢᠳᠠᠨ᠎ᠠ᠃  ᠢᠩᠬᠢᠪᠠᠯ ᠰᠠᠶᠢ ᠭᠡᠤᠭᠡᠳ ᠤᠨ ᠦᠭᠡ ᠭᠡᠯᠠᠨ ᠤ ᠭᠦᠭᠵᠢᠯᠳᠠ ᠵᠢ ᠪᠠᠳᠤᠯᠠᠵᠤ᠂  ᠲᠠᠳᠠᠨ ᠤ ᠪᠤᠳᠤᠯ ᠰᠡᠳᠬᠢᠯ ᠵᠢᠠᠨ ᠴᠢᠯᠦᠭᠡᠳᠠᠢ᠂ ᠵᠤᠷᠢᠭᠳᠠᠢ ᠢᠯᠠᠳᠭᠡᠵᠤ᠂  ᠲᠠᠳᠠᠨ ᠤ ᠬᠤᠢᠢᠰᠢᠳᠠ ᠵᠢᠨ ᠪᠦᠭᠦ ᠲᠠᠯ᠎ᠠ ᠵᠢᠨ ᠭᠦᠭᠵᠢᠯᠳᠠ ᠳᠤ ᠪᠠᠳᠤ ᠰᠠᠭᠤᠷᠢ ᠪᠤᠯᠵᠤ ᠴᠢᠳᠠᠨ᠎ᠠ᠃
    (《ᠦᠪᠦᠷ ᠮᠤᠩᠭᠤᠯ ᠤᠨ ᠰᠤᠷᠭᠠᠨ ᠬᠦᠮᠦᠵᠢᠯ》 ᠤᠨ 2012 ᠣᠨ ᠤ 1-2 ᠳᠤᠭᠠᠷ ᠬᠤᠭᠤᠴᠠᠭ᠎ᠠ ᠡᠴᠡ ᠠᠪᠤᠪᠡ᠃)