《ᠲᠣᠷᠭᠠᠨ ᠵᠢᠯᠤᠭᠤ》ᠰᠡᠳᠭᠦᠯ ᠦᠨ ᠬᠢᠨ ᠲᠦᠩᠯᠢᠶᠣᠣ᠂ ᠤᠯᠠᠭᠠᠨᠬᠠᠳᠠ᠂ ᠰᠢᠯᠢ ᠢᠢᠨ ᠭᠣᠣᠯ ᠠᠢᠢᠮᠠᠭ ᠤᠨ ᠬᠡᠰᠡᠭ ᠰᠤᠷᠭᠠᠭᠤᠯᠢ ᠨᠤᠭᠤᠳ ᠢᠢᠡᠷ ᠬᠦᠷᠴᠦ᠂ ᠰᠡᠳᠭᠦᠯ ᠦᠨ ᠲᠣᠬᠠᠢ ᠰᠠᠨᠠᠯ ᠬᠤᠷᠢᠶᠠᠪᠠ
 

 《 ᠲᠣᠷᠭᠠᠨ ᠵᠢᠯᠤᠭᠤ》 ᠰᠡᠳᠭᠦᠯ ᠦᠨ ᠬᠢᠨ 5 ᠰᠠᠷ᠎ᠠ ᠢᠢᠨ 8 ᠡᠴᠡ 14 ᠪᠣᠯᠲᠠᠯ᠎ᠠ ᠣᠬᠣᠷᠬᠠᠨ ᠨᠢᠭᠡ ᠭᠠᠷᠠᠭ ᠤᠨ  ᠴᠠᠭ ᠢ ᠠᠰᠢᠭᠯᠠᠨ ᠂ ᠲᠦᠩᠯᠢᠶᠣᠣ᠂ ᠤᠯᠠᠭᠠᠨᠬᠠᠳᠠ᠂ ᠰᠢᠯᠢ ᠢᠢᠨ ᠭᠣᠣᠯ ᠠᠢᠢᠮᠠᠭ ᠤᠨ ᠨᠠᠢᠮᠠᠨ ᠬᠤᠰᠢᠭᠤ ᠰᠢᠶᠠᠨ ᠤ ᠠᠷᠪᠠ ᠶᠢᠰᠦᠨ ᠮᠤᠩᠭᠤᠯ ᠳᠤᠮᠳᠠᠲᠤ ᠰᠤᠷᠭᠠᠭᠤᠯᠢ ᠪᠠᠷ ᠬᠦᠷᠴᠦ᠂ ᠪᠠᠭᠰᠢ ᠰᠤᠷᠤᠭᠴᠢᠳ ᠲᠠᠢ ᠬᠠᠮᠲᠤ ᠪᠠᠷ ᠰᠡᠳᠭᠦᠯ ᠦᠨ ᠲᠣᠬᠠᠢ ᠶᠠᠷᠢᠯᠴᠠᠨ ᠰᠣᠳᠤᠯᠪᠠ᠃ ᠶᠠᠷᠢᠯᠴᠠᠭᠠᠨ ᠳᠤ ᠰᠡᠳᠭᠦᠯ ᠦᠨ ᠠᠭᠤᠯᠭ᠎ᠠ ᠪᠣᠯᠤᠩ ᠤᠨ ᠦᠷᠭᠡᠳᠭᠡᠯ ᠰᠢᠨᠡᠳᠭᠡᠯ᠂ ᠪᠠᠷ ᠬᠡᠪᠯᠡᠯ ᠦᠨ ᠭᠣᠶᠤᠯᠠᠯ ᠵᠢᠴᠢ ᠲᠠᠷᠬᠠᠭᠠᠯᠲᠠ ᠢᠢᠨ ᠲᠠᠯ᠎ᠠ ᠪᠠᠷ ᠦᠷᠭᠡᠨ ᠢᠢᠡᠷ ᠰᠠᠨᠠᠯ ᠰᠣᠯᠢᠯᠴᠠᠪᠠ᠃ ᠶᠠᠷᠢᠯᠴᠠᠭᠠᠨ ᠤ ᠳ᠋ᠦᠩ ᠳᠦ ᠪᠠᠭᠰᠢ ᠰᠤᠷᠤᠭᠴᠢᠳ ᠰᠡᠳᠭᠦᠯ ᠦᠨ ᠲᠣᠬᠠᠢ ᠦᠷ᠎ᠡ ᠳᠠᠭᠠᠪᠤᠷᠢ ᠲᠠᠢ ᠵᠦᠪ ᠰᠠᠨᠠᠯ ᠰᠠᠨᠠᠭᠤᠯᠭ᠎ᠠ ᠳᠤᠷᠠᠳᠴᠤ᠂ ᠰᠡᠳᠭᠦᠯ ᠦᠨ ᠬᠢᠨ ᠲᠡᠷᠡ ᠰᠠᠨᠠᠯ ᠤᠳ ᠢ ᠵᠦᠪ ᠢᠢᠡᠷ ᠦᠨᠡᠯᠡᠨ᠂ ᠬᠣᠢᠢᠰᠢᠲᠠ ᠢᠢᠨ ᠠᠵᠢᠯ ᠳᠠᠭᠠᠨ ᠡᠷᠴᠢ ᠬᠦᠴᠦᠨ ᠪᠣᠯᠭᠠᠬᠤ ᠪᠠᠨ ᠢᠯᠡᠷᠬᠡᠢᠢᠯᠡᠭᠰᠡᠨ ᠪᠠᠢᠢᠨ᠎ᠠ᠃ ᠲᠤᠰ ᠪᠠᠢᠢᠴᠠᠭᠠᠯᠲᠠ ᠢᠢᠨ ᠠᠵᠢᠯᠯᠠᠭ᠎ᠠ ᠨᠢ ᠦᠨᠳᠦᠰᠦᠨ ᠱᠠᠲᠤᠨ ᠤ ᠪᠠᠭᠰᠢ ᠰᠤᠷᠤᠭᠴᠢᠳ ᠤᠨ ᠬᠠᠯᠠᠭᠤᠨ ᠬᠦᠷᠢᠶᠡᠯᠡᠯ ᠪᠠ ᠬᠦᠴᠦᠲᠡᠢ ᠳᠡᠮᠵᠢᠯᠭᠡ ᠶᠢ ᠣᠯᠤᠭᠰᠠᠨ ᠡᠴᠡ 《ᠲᠣᠷᠭᠠᠨ ᠵᠢᠯᠤᠭᠤ 》ᠰᠡᠳᠭᠦᠯ ᠦᠨ ᠴᠢᠨᠠᠷ ᠴᠢᠨᠰᠠᠭ᠎ᠠ ᠢᠢᠨ ᠠᠬᠢᠨ ᠳᠡᠭᠡᠭᠰᠢᠯᠡᠬᠦ ᠳᠦ ᠶᠡᠬᠡᠬᠡᠨ ᠲᠤᠰᠠ ᠳᠡᠮᠵᠢᠯᠭᠡ ᠪᠣᠯᠬᠤ ᠨᠢ ᠳᠠᠮᠵᠢᠭ  ᠦᠭᠡᠢ᠃(ᠬᠠᠰᠡᠷᠳᠡᠨᠢ ᠮᠡᠳᠡᠭᠡᠯᠡᠪᠡ)