ᠤᠯᠠᠮᠵᠢᠯᠠᠯᠲᠤ ᠰᠤᠷᠭᠠᠨ ᠬᠦᠮᠦᠵᠢᠯ
ᠣᠳᠣ ᠦᠶ᠎ᠡ ᠶᠢᠨ ᠰᠤᠷᠭᠠᠨ ᠬᠦᠮᠦᠵᠢᠯ
ᠭᠠᠳᠠᠭᠠᠲᠤ ᠶᠢᠨ ᠰᠤᠷᠭᠠᠨ ᠬᠦᠮᠦᠵᠢᠯ

   ᠮᠤᠩᠭᠤᠯ ᠦᠨᠳᠤᠰᠤᠳᠠᠨ ᠤ ᠰᠤᠷᠭᠠᠨ ᠭᠦᠮᠦᠵᠢᠯ ᠤᠨ ᠠᠭᠤᠯᠤᠭᠳᠠᠬᠤᠨ ᠤ ᠲᠤᠬᠠᠢ
                      ᠦᠯᠵᠠᠢᠢᠪᠠᠭᠠᠳᠤᠷ
                    (ᠲᠦᠩᠯᠢᠶᠤᠤ ᠬᠤᠳᠠ ᠶᠢᠨ ᠰᠤᠷᠭᠠᠨ ᠬᠦᠮᠦᠵᠢᠯ ᠤᠨ ᠲᠤᠪᠴᠢᠶ᠎ᠠ
    ᠤᠨᠤᠯ ᠪᠤᠯᠤᠨ ᠦᠢᠯᠠᠳᠤᠯᠭᠡ ᠵᠢᠨ ᠬᠤᠪᠢ ᠡᠴᠡ ᠦᠨᠳᠤᠰᠤᠳᠠᠨ ᠤ ᠰᠤᠷᠭᠠᠨ ᠭᠦᠮᠦᠵᠢᠯ ᠭᠡᠭᠴᠢ ᠶᠠᠭᠤ ᠪᠤᠯᠬᠤ ᠵᠢ ᠲᠤᠮᠢᠶᠠᠯᠠᠬᠤ ᠪᠠ ᠲᠠᠨᠢᠬᠤ ᠳᠤ ᠡᠩ ᠲᠠᠷᠢᠭᠦᠨ ᠳᠤ ᠰᠤᠷᠭᠠᠨ ᠭᠦᠮᠦᠵᠢᠯ ᠭᠡᠭᠦ ᠤᠬᠠᠭᠳᠠᠬᠤᠨ ᠡᠴᠡ ᠭᠠᠷᠳᠠᠬᠤ ᠴᠢᠬᠤᠯᠠ ᠲᠠᠢ᠃  ᠰᠤᠷᠭᠠᠨ ᠭᠦᠮᠦᠵᠢᠯ ᠪᠤᠯ ᠭᠦᠮᠦᠨ ᠲᠦᠷᠤᠯᠬᠢᠳᠠᠨ ᠤ ᠨᠠᠢᠢᠭᠡᠮ ᠲᠠᠢ ᠵᠡᠷᠭᠡ ᠪᠠᠷ ᠪᠤᠢ ᠪᠤᠯᠤᠭᠰᠠᠨ ᠶᠤᠮ᠃ ᠦᠨᠦᠳᠤᠷ ᠲᠠᠯᠠᠭᠡᠢ ᠳᠡᠬᠢᠨ ᠤ ᠠᠯᠢ ᠨᠢᠭᠡ ᠤᠯᠤᠰ ᠦᠨᠳᠤᠰᠤᠳᠠᠨ ᠭᠡᠰᠡᠨ ᠦᠭᠡᠢ ᠴᠦᠮ ᠰᠤᠷᠭᠠᠨ ᠭᠦᠮᠦᠵᠢᠯ ᠢ ᠲᠤᠩ ᠭᠦᠨᠳᠤᠳᠭᠡᠨ᠂ ᠬᠤᠢᠢᠴᠢ ᠦᠶ᠎ᠠ ᠵᠢᠨ ᠬᠢᠨ ᠵᠢᠠᠨ ᠭᠦᠮᠦᠵᠢᠭᠦᠯᠭᠦ ᠶᠠᠪᠤᠳᠠᠯ ᠢ ᠨᠢᠳᠤᠨ ᠮᠠᠳᠤ ᠦᠵᠠᠵᠤ᠂  ᠠᠮᠢᠨ ᠮᠠᠳᠤ ᠰᠡᠳᠬᠢᠵᠤ ᠪᠤᠢ᠃ ᠭᠡᠶ᠎ᠠ ᠤᠯᠤᠰ ᠦᠨᠳᠤᠰᠤᠳᠠᠨ ᠤ  ᠭᠦᠭᠵᠢᠯᠳᠠ ᠵᠢᠨ ᠪᠠᠢᠢᠳᠠᠯ ᠲᠠᠩᠴᠡᠭᠦᠷᠢ ᠦᠭᠡᠢ᠂ ᠪᠤᠳᠠᠳᠠᠢ ᠪᠠᠢᠢᠳᠠᠯ ᠨᠢ ᠠᠳᠠᠯᠢ ᠦᠭᠡᠢ᠂  ᠠᠩᠬᠠᠷᠴᠤ ᠪᠠᠢᠢᠭ᠎ᠠ ᠠᠰᠠᠭᠤᠳᠠᠯ ᠠᠳᠠᠯᠢ ᠦᠭᠡᠢ ᠵᠡᠷᠭᠡ ᠡᠴᠡ ᠪᠤᠯᠵᠤ᠂ ᠰᠤᠷᠭᠠᠨ ᠭᠦᠮᠦᠵᠢᠯ ᠤᠨ ᠲᠤᠬᠠᠢ ᠲᠠᠨᠢᠯᠳᠠ ᠪᠠ ᠲᠠᠢᠢᠯᠪᠤᠷᠢᠯᠠᠯ ᠠᠳᠠᠯᠢ ᠦᠭᠡᠢ ᠪᠠᠢᠢᠭᠰᠠᠭᠠᠷ ᠪᠢᠯᠠ᠃
   ᠮᠠᠷᠺᠰ ᠤᠨ ᠦᠵᠠᠯ ᠤᠨ ᠰᠤᠷᠭᠠᠨ ᠭᠦᠮᠦᠵᠢᠯ ᠤᠨ ᠦᠵᠠᠯᠳᠠ ᠡᠴᠡ ᠡᠭᠦᠰᠦᠭᠰᠡᠨ᠂ ᠶᠠᠭᠤ ᠵᠢ ᠰᠤᠷᠭᠠᠨ ᠭᠦᠮᠦᠵᠢᠯ ᠭᠡᠭᠦ ᠡᠨᠡ ᠭᠦ ᠠᠰᠠᠭᠤᠳᠠᠯ ᠳᠤ᠄ 《ᠲᠠᠯᠭᠡᠷᠡᠩᠭᠦᠢ ᠤᠳᠬ᠎ᠠ ᠲᠠᠢ ᠰᠤᠷᠭᠠᠨ ᠭᠦᠮᠦᠵᠢᠯ ᠪᠤᠯ ᠲᠠᠷᠤᠢ ᠭᠡᠷ ᠪᠦᠯᠢ᠂  ᠨᠠᠢᠢᠭᠡᠮ᠂  ᠰᠤᠷᠭᠠᠭᠤᠯᠢ ᠵᠡᠷᠭᠡ ᠡᠯ᠎ᠠ ᠲᠠᠯ᠎ᠠ ᠡᠴᠡ ᠨᠢᠭᠡ ᠭᠦᠮᠦᠨ ᠤ ᠤᠶᠤᠨ ᠴᠢᠳᠠᠪᠤᠷᠢ᠂ ᠪᠠᠶ᠎ᠠ ᠮᠠᠬᠠᠪᠤᠳ᠂ ᠵᠠᠩ ᠴᠢᠨᠠᠷ᠂ ᠦᠵᠠᠯ ᠰᠠᠨᠠᠭ᠎ᠠ ᠵᠡᠷᠭᠡ ᠳᠤ ᠰᠠᠨᠠᠭᠠᠴᠢᠯᠠᠭ᠎ᠠ ᠲᠠᠢ ᠪᠠ ᠰᠠᠨᠠᠭᠠᠴᠢᠯᠠᠭ᠎ᠠ ᠲᠠᠢ ᠪᠤᠰᠤ ᠨᠦᠯᠦᠭᠡ ᠭᠦᠷᠳᠠᠭᠡᠭᠦ ᠠᠵᠢᠯᠯᠠᠭ᠎ᠠ ᠵᠢ ᠵᠢᠭᠠᠵᠤ ᠪᠤᠢ᠃  ᠢᠪᠴᠤᠤ ᠤᠳᠬ᠎ᠠ ᠵᠢᠨ ᠰᠤᠷᠭᠠᠨ ᠭᠦᠮᠦᠵᠢᠯ ᠪᠤᠯ ᠰᠤᠷᠭᠠᠨ ᠭᠦᠮᠦᠵᠢᠭᠦᠯᠦᠭᠴᠢ ᠡᠴᠡ ᠲᠤᠭᠳᠠᠭᠰᠠᠨ ᠨᠠᠢᠢᠭᠡᠮ ᠪᠠ ᠠᠩᠬᠢ ᠵᠢᠨ ᠱᠠᠭᠠᠷᠳᠠᠯᠭ᠎ᠠ ᠵᠢ ᠦᠨᠳᠤᠰᠤᠯᠠᠵᠤ᠂ ᠰᠤᠷᠭᠠᠭᠤᠯᠢ ᠵᠢᠨ ᠭᠦᠷᠢᠶᠠᠨ ᠳᠡᠬᠢ ᠰᠢᠨ᠎ᠠ ᠨᠢᠭᠡ ᠦᠶ᠎ᠠ ᠵᠢ ᠭᠦᠮᠦᠵᠢᠭᠦᠯᠭᠦ ᠪᠠᠷ ᠵᠤᠷᠢᠯᠭ᠎ᠠ ᠪᠠᠨ ᠪᠤᠯᠭᠠᠭᠰᠠᠨ ᠵᠤᠬᠢᠶᠠᠨ ᠪᠠᠢᠢᠭᠤᠯᠤᠯᠳᠠ ᠲᠠᠢ᠂  ᠲᠦᠯᠦᠪᠯᠠᠭᠡ ᠲᠠᠢ᠂  ᠵᠤᠬᠢᠬᠤ ᠵᠤᠷᠢᠯᠭ᠎ᠠ ᠲᠠᠢ ᠰᠤᠷᠭᠠᠨ ᠭᠦᠮᠦᠵᠢᠯ ᠢ ᠵᠢᠭᠠᠳᠠᠬ》① ᠭᠡᠪᠠ᠃ ᠡᠨᠠ ᠪᠤᠯ ᠲᠦᠭᠡᠮᠠᠯ ᠴᠢᠨᠠᠷ ᠲᠠᠢ ᠰᠤᠷᠭᠠᠨ ᠭᠦᠮᠦᠵᠢᠯ ᠢ ᠵᠢᠭᠠᠵᠤ ᠪᠠᠢᠢᠭ᠎ᠠ ᠨᠢ ᠶᠠᠷᠢᠶᠠᠨ ᠦᠭᠡᠢ ᠶᠤᠮ᠃ ᠦᠨᠳᠤᠰᠤᠳᠠᠨ ᠪᠤᠯ ᠭᠦᠮᠦᠨ ᠲᠦᠷᠤᠯᠬᠢᠳᠠᠨ ᠤ ᠨᠠᠢᠢᠭᠡᠮ ᠤᠨ ᠤᠷᠳᠤ ᠤᠳᠠᠭᠠᠨ ᠲᠠᠤᠭᠡ ᠵᠢᠨ ᠭᠦᠭᠵᠢᠯᠳᠠ ᠵᠢᠨ ᠶᠠᠪᠤᠴᠠ ᠳᠤ ᠪᠦᠷᠢᠯᠳᠦᠭᠰᠡᠨ ᠶᠤᠮ᠃ ᠰᠲ᠋ᠠᠯᠢᠨ ᠡᠴᠡ 《ᠦᠨᠳᠤᠰᠤᠳᠠᠨ ᠭᠡᠳᠡᠭ ᠪᠤᠯ ᠲᠠᠤᠭᠡᠨ ᠶᠤᠰᠤᠭᠠᠷ ᠪᠦᠷᠢᠯᠳᠦᠭᠰᠡᠨ᠂  ᠨᠠᠢᠢᠳᠠ ᠵᠢᠨ ᠦᠭᠡ ᠭᠡᠯᠠ᠂ ᠨᠠᠢᠢᠳᠠ ᠵᠢᠨ ᠭᠠᠵᠠᠷ ᠨᠤᠳᠤᠭ᠂  ᠨᠠᠢᠢᠳᠠ ᠵᠢᠨ ᠠᠵᠤ ᠠᠬᠤᠢ ᠵᠢᠨ ᠠᠮᠢᠳᠤᠷᠠᠯ ᠵᠢᠴᠢ ᠨᠠᠢᠢᠳᠠ ᠵᠢᠨ  ᠰᠤᠶᠤᠯ ᠳᠤ ᠢᠯᠠᠷᠠᠳᠡᠭ ᠨᠠᠢᠢᠳᠠ ᠵᠢᠨ ᠰᠡᠳᠬᠢᠯ ᠰᠠᠨᠠᠭᠠᠨ ᠤ ᠪᠤᠯᠪᠠᠰᠤᠷᠠᠯ ᠪᠦᠭᠦᠢ  ᠭᠦᠮᠦᠰ ᠤᠨ ᠲᠤᠭᠳᠠᠪᠤᠷᠢᠳᠠᠢ ᠨᠠᠢᠢᠳᠠ ᠵᠢᠨ ᠴᠤᠭᠴᠠ ᠮᠦᠨ》② ᠭᠡᠵᠠᠢ᠃ ᠲᠤᠮᠢᠶᠠᠯᠠᠯ ᠳᠤ ᠲᠤᠰᠬᠠᠭᠳᠠᠭᠰᠠᠨ ᠭᠠᠵᠠᠷ ᠨᠤᠳᠤᠭ᠂  ᠠᠵᠤ ᠠᠬᠤᠢ᠂  ᠰᠤᠶᠤᠯ᠂ ᠦᠭᠡ ᠭᠡᠯᠠ᠂ ᠰᠡᠳᠬᠢᠯᠭᠡ ᠵᠡᠷᠭᠡ ᠲᠠᠪᠤᠨ ᠲᠠᠯ᠎ᠠ ᠵᠢ ᠦᠨᠳᠤᠰᠤᠳᠠᠨ ᠤ ᠰᠤᠷᠭᠠᠨ ᠭᠦᠮᠦᠵᠢᠯ ᠲᠠᠢ ᠤᠶᠠᠯᠳᠤᠭᠤᠯᠤᠨ ᠰᠢᠨᠵᠢᠪᠠᠯ᠂ ᠦᠨᠳᠤᠰᠤᠳᠠᠨ ᠤ ᠰᠤᠷᠭᠠᠨ ᠭᠦᠮᠦᠵᠢᠯ ᠪᠤᠰᠤᠳ ᠡᠴᠡ ᠢᠯᠭᠠᠭᠳᠠᠬᠤ ᠦᠪᠠᠷᠮᠢᠴᠠ ᠤᠨᠴᠠᠯᠢᠬ ᠪᠠ ᠠᠭᠤᠯᠤᠭᠳᠠᠬᠤᠨ ᠲᠠᠢ ᠪᠤᠯᠬᠤ ᠨᠢ ᠭᠠᠷᠴᠠᠭ᠎ᠠ ᠦᠭᠡᠢ ᠪᠢᠯᠠ᠃
    ᠦᠨᠳᠤᠰᠤᠳᠠᠨ ᠤ ᠰᠤᠷᠭᠠᠨ ᠭᠦᠮᠦᠵᠢᠯ ᠪᠤᠯ ᠮᠠᠨ ᠤ ᠤᠯᠤᠰ ᠤᠨ ᠰᠤᠷᠭᠠᠨ ᠭᠦᠮᠦᠵᠢᠯ ᠤᠨ ᠴᠢᠬᠤᠯᠠ ᠨᠢᠭᠡ ᠪᠦᠷᠢᠯᠳᠤᠭᠦᠨ ᠪᠤᠯᠤᠨ᠎ᠠ᠃  ᠦᠨᠳᠤᠰᠤᠳᠠᠨ ᠤ ᠰᠤᠷᠭᠠᠨ ᠭᠦᠮᠦᠵᠢᠯ ᠭᠡᠭᠴᠢ ᠶᠠᠭᠤ ᠪᠤᠯᠬᠤ ᠲᠤᠬᠠᠢ ᠲᠡᠭᠦᠨ ᠤ ᠠᠭᠤᠯᠤᠭᠳᠠᠬᠤᠨ ᠢ ᠲᠤᠭᠳᠠᠭᠠᠵᠤ᠂  ᠲᠤᠮᠢᠶᠠᠯᠠᠬᠤ ᠨᠢ ᠲᠤᠩ ᠴᠢᠬᠤᠯᠠ ᠤᠨᠤᠯ ᠤᠨ ᠠᠴᠢ ᠬᠤᠯᠪᠤᠭᠳᠠᠯ ᠲᠠᠢ ᠪᠤᠯᠬᠤ ᠪᠠᠷ ᠪᠠᠷᠠᠬᠤ ᠦᠭᠡᠢ᠂ ᠰᠤᠷᠭᠠᠨ ᠭᠦᠮᠦᠵᠢᠯ ᠤᠨ ᠦᠢᠯᠠᠳᠤᠯᠭᠡ ᠳᠤ ᠰᠢᠭᠤᠳ ᠤᠳᠤᠷᠢᠳᠤᠮᠵᠢ ᠵᠢᠨ ᠦᠢᠯᠠᠳᠤᠯ ᠲᠠᠢ ᠶᠤᠮ᠃  ᠯᠸᠨᠢᠨ ᠡᠴᠡ 《ᠰᠠᠷᠠᠭᠦᠢ ᠮᠠᠳᠠᠷᠠᠭᠦᠢ ᠪᠤᠯ ᠪᠢᠳᠠᠨ ᠳᠤ ᠭᠡᠷᠡᠭ ᠪᠤᠳᠠᠰ ᠢ ᠦᠭᠳᠡᠭ᠂ ᠤᠶᠤᠨ ᠪᠤᠯ ᠪᠢᠳᠠᠨ ᠳᠤ ᠭᠡᠷᠡᠭ ᠪᠤᠳᠠᠰ ᠤᠨ ᠨᠠᠷᠠᠢᠢᠳᠤᠯ ᠢ ᠦᠭᠳᠡᠭ᠃ ᠁ ᠶᠠᠭᠤ ᠵᠢ ᠨᠠᠷᠠᠢᠢᠳᠤᠯ ᠭᠡᠭᠦ ᠪᠤᠢ ᠭᠡᠪᠡᠯ ᠠᠷᠠᠢᠢᠳᠤᠯ ᠪᠤᠯ ᠲᠠᠷᠤᠢ ᠭᠡᠷᠡᠭ ᠪᠤᠳᠠᠰ ᠢ ᠢᠯᠭᠠᠨ ᠲᠠᠨᠢᠬᠤ ᠨᠢᠭᠡ ᠵᠦᠢᠯ ᠤᠨ ᠢᠮ ᠲᠠᠮᠳᠡᠭ ᠮᠦᠨ᠂ ᠭᠦᠮᠦᠨ ᠤ ᠠᠨᠩᠬᠠᠠᠷᠤᠯ ᠢ ᠲᠠᠳᠠᠬᠤ ᠨᠢᠭᠡᠨ ᠵᠦᠢᠯ ᠤᠨ ᠰᠢᠨᠵᠢ ᠲᠠᠮᠳᠡᠭ ᠮᠦᠨ᠂ ᠪᠢ ᠲᠡᠭᠦᠨ ᠵᠢᠠᠷ ᠭᠡᠷᠡᠭ ᠪᠤᠳᠠᠰ ᠢ ᠲᠦᠯᠦᠭᠡᠯᠡᠭᠦᠯᠦᠨ ᠭᠡᠷᠡᠭ ᠪᠤᠳᠠᠰ ᠢ ᠲᠤᠳᠤᠷᠬᠠᠢᠢᠯᠠᠬᠤ ᠤᠯᠠᠮ ᠡᠴᠡ ᠭᠡᠷᠡᠭ ᠪᠤᠳᠠᠰ ᠢ ᠪᠦᠷᠢᠨ ᠪᠦᠳᠤᠨ ᠵᠢᠠᠷ ᠮᠢᠨᠦ ᠡᠮᠤᠨ᠎ᠠ ᠢᠯᠠᠷᠠᠭᠦᠯᠦᠨ ᠭᠠᠷᠭᠠᠬᠤ ᠶᠤᠮ》 ③ ᠭᠡᠵᠠᠢ᠃  ᠲᠠᠭᠡᠭᠦᠯᠠᠷ ᠵᠦᠪᠭᠡᠨ ᠲᠦᠭᠡᠮᠠᠯ ᠴᠢᠨᠠᠷ ᠲᠠᠢ ᠰᠤᠷᠭᠠᠨ ᠭᠦᠮᠦᠵᠢᠯ ᠤᠨ ᠡᠭᠦᠳᠠᠨ ᠡᠴᠡ ᠯᠠ ᠦᠨᠳᠤᠰᠤᠳᠠᠨ ᠤ ᠰᠤᠷᠭᠠᠨ ᠭᠦᠮᠦᠵᠢᠯ ᠢ  ᠤᠢᠢᠯᠠᠭᠠᠵᠤ ᠲᠠᠨᠢᠵᠤ ᠪᠤᠯᠬᠤ ᠦᠭᠡᠢ ᠨᠢ ᠮᠠᠳᠠᠭᠡᠵᠢ ᠭᠡᠷᠡᠭ᠃  ᠬᠠᠷᠢᠨ ᠤᠨᠤᠯ ᠤᠨ ᠰᠤᠳᠤᠯᠭᠠᠨ ᠤ ᠪᠦᠷᠢᠨ ᠭᠦᠢᠴᠠᠳ ᠨᠤᠳᠠᠯᠠᠯᠳᠠ ᠪᠠ ᠦᠢᠯᠠᠳᠤᠯᠭᠡ ᠵᠢᠨ ᠭᠡᠷᠡᠴᠢ ᠪᠠᠷᠢᠮᠳᠠ ᠪᠠᠢᠢᠬᠤ ᠭᠡᠷᠡᠭᠳᠠᠢ᠃  ᠡᠨᠠ ᠪᠤᠯ ᠲᠤᠩ ᠭᠦᠴᠢᠷᠳᠠᠢ ᠰᠤᠳᠤᠯᠭᠠᠨ ᠤ ᠰᠠᠳᠤᠪ ᠪᠤᠯᠬᠤ ᠪᠦᠭᠡᠳ ᠡᠷᠭᠡᠪᠰᠢ ᠰᠤᠳᠤᠯᠬᠤ ᠴᠢᠬᠤᠯᠠ ᠲᠠᠢ ᠠᠰᠠᠭᠤᠳᠠᠯ ᠪᠤᠯᠤᠨ᠎ᠠ᠃
    ᠮᠠᠨ ᠤ ᠤᠯᠤᠰ ᠤᠨ ᠡᠷᠳᠠᠮᠳᠠᠳ 20 ᠳᠤᠭᠠᠷ ᠵᠠᠭᠤᠨ ᠤ ᠲᠤᠮᠳᠠᠴᠢ ᠦᠶ᠎ᠠ ᠡᠴᠡ ᠡᠬᠢᠯᠠᠨ ᠡᠨᠡ ᠭᠦ ᠰᠤᠳᠤᠯᠭᠠᠨ ᠢ ᠭᠠᠷᠳᠠᠨ ᠬᠢᠪᠠ᠃  ᠭᠡᠶ᠎ᠠ ᠤᠳᠤ ᠪᠤᠯᠳᠠᠯ᠎ᠠ ᠤᠨᠤᠯ ᠤᠨ ᠲᠠᠯ᠎ᠠ ᠪᠠᠷ ᠮᠠᠷᠭᠤᠭᠠᠨ ᠲᠠᠢ ᠪᠠᠢᠢᠵᠤ᠂ ᠨᠢᠭᠡᠳᠤᠯᠳᠠᠢ ᠰᠠᠨᠠᠯ᠂  ᠨᠠᠢᠢᠳᠠᠮ ᠳᠤ ᠲᠠᠭᠠᠰᠢᠶᠠᠭᠳᠠᠭᠰᠠᠨ ᠦᠵᠠᠯ ᠪᠠᠢᠢᠬᠤ ᠦᠭᠡᠢ ᠪᠠᠢᠢᠭᠰᠠᠭᠠᠷ ᠪᠦᠭᠡᠳ ᠦᠨᠳᠤᠰᠤᠳᠠᠨ ᠤ ᠰᠤᠷᠭᠠᠨ ᠭᠦᠮᠦᠵᠢᠯ ᠤᠨ ᠲᠤᠮᠢᠶᠠᠯᠠᠯ ᠤᠨ ᠲᠤᠬᠠᠢ ᠠᠯᠢ ᠤᠯᠠᠨ ᠦᠵᠠᠯᠳᠠ ᠤᠷᠤᠰᠢᠵᠤ ᠪᠤᠢ᠃  ᠡᠭᠦᠨ ᠳᠤ ᠵᠠᠷᠢᠮ ᠨᠢ 《ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠪᠤᠯ ᠦᠨᠳᠤᠰᠤᠳᠠᠨ ᠤ ᠪᠠᠨ ᠰᠢᠨ᠎ᠠ ᠨᠢᠭᠡᠨ ᠦᠶ᠎ᠠ ᠵᠢᠨ ᠬᠢᠨ ᠢ ᠭᠦᠮᠦᠵᠢᠭᠦᠯᠵᠤ ᠪᠠᠢᠢᠭ᠎ᠠ ᠨᠠᠢᠢᠭᠡᠮ ᠤᠨ ᠠᠵᠢᠯᠯᠠᠭ᠎ᠠ ᠪᠤᠯᠬᠤ ᠪᠦᠭᠡᠳ ᠦᠨᠳᠤᠰᠤᠳᠠᠨ ᠤ ᠪᠠᠨ ᠱᠠᠭᠠᠷᠳᠠᠯᠭ᠎ᠠ ᠵᠢ ᠦᠨᠳᠤᠰᠤᠯᠠᠨ᠂  ᠰᠤᠷᠭᠠᠨ ᠭᠦᠮᠦᠵᠢᠯ ᠭᠦᠷᠳᠡᠭᠰᠠᠳ ᠲᠤ ᠵᠤᠷᠢᠯᠭ᠎ᠠ ᠲᠠᠢ᠂  ᠲᠦᠯᠦᠪᠯᠠᠭᠡ ᠲᠠᠢ᠂  ᠵᠤᠬᠢᠶᠠᠨ ᠪᠠᠢᠢᠭᠤᠯᠤᠯᠳᠠ ᠲᠠᠢ᠂  ᠰᠢᠰᠲ᠋ᠸᠮ ᠲᠠᠢ ᠪᠠᠷ ᠭᠦᠮᠦᠵᠢᠯ ᠶᠠᠪᠤᠭᠤᠯᠵᠤ᠂  ᠰᠤᠷᠭᠠᠨ ᠭᠦᠮᠦᠵᠢᠯ ᠭᠦᠷᠳᠡᠭᠰᠠᠳ ᠢ ᠵᠤᠬᠢᠬᠤ ᠨᠠᠢᠢᠭᠡᠮᠴᠢᠯᠡᠭᠰᠡᠨ ᠭᠦᠮᠦᠨ ᠪᠤᠯᠭᠠᠵᠤ᠂  ᠲᠤᠰ ᠦᠨᠳᠤᠰᠤᠳᠠᠨ ᠳᠡᠭᠡᠨ ᠦᠢᠯᠠᠴᠢᠯᠠᠭᠦᠯᠭᠦ ᠵᠢ ᠵᠢᠭᠠᠨ᠎ᠠ》④ ᠭᠡᠪᠠ᠃ ᠵᠠᠷᠢᠮ ᠨᠢ 《ᠨᠢᠭᠡ ᠳᠤ᠂ ᠭᠠᠭᠴᠠ ᠦᠨᠳᠤᠰᠤᠳᠠᠨ ᠲᠠᠢ ᠤᠯᠤᠰ ᠲᠤ ᠦᠨᠳᠤᠰᠤᠳᠠᠨ ᠤ ᠰᠤᠷᠭᠠᠨ ᠭᠦᠮᠦᠵᠢᠯ ᠤᠨ ᠤᠬᠠᠭᠳᠠᠬᠤᠨ ᠨᠢ ᠦᠷᠭᠦᠯᠵᠢ ᠤᠯᠤᠰ ᠠᠷᠠᠳ ᠤᠨ ᠰᠤᠷᠭᠠᠨ ᠭᠦᠮᠦᠵᠢᠯ ᠤᠨ ᠤᠬᠠᠭᠳᠠᠬᠤᠨ ᠳᠤ ᠤᠷᠤᠯᠠᠭᠳᠠᠵᠤ ᠪᠠᠢᠢᠳᠠᠬ ᠶᠤᠮ᠃ ᠬᠤᠶᠠᠷ ᠲᠤ᠂ ᠤᠯᠠᠨ ᠦᠨᠳᠤᠰᠤᠳᠠᠨ ᠲᠠᠢ ᠤᠯᠤᠰ ᠲᠤ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠨᠢ ᠤᠯᠠᠨ ᠦᠨᠳᠤᠰᠤᠳᠠᠨ ᠤ ᠰᠤᠷᠭᠠᠨ ᠭᠦᠮᠦᠵᠢᠯ ᠢ ᠶᠠᠷᠤᠩᠭᠡᠢᠢᠯᠡᠭᠰᠡᠨ ᠴᠤᠭᠯᠠᠷᠠᠯ ᠤᠬᠠᠭᠳᠠᠬᠤᠨ ᠢ ᠵᠢᠭᠠᠳᠠᠬ ᠪᠠᠢᠢᠨ᠎ᠠ᠃ ᠭᠠᠭᠴᠠᠭᠦ ᠡᠳᠡᠭᠡᠷ ᠲᠠᠩ ᠴᠤᠯᠭᠤᠢ ᠦᠨᠳᠤᠰᠤᠳᠠᠨ ᠬᠢᠭᠡᠳ ᠤᠯᠠᠨ ᠦᠨᠳᠤᠰᠤᠳᠠᠨ ᠲᠠᠢ ᠤᠯᠤᠰ ᠺᠤᠯᠤᠨᠢᠴᠢᠯᠡᠬᠳᠡᠬᠰᠡᠨ ᠪᠤᠶᠤ ᠬᠠᠭᠠᠰ ᠺᠤᠯᠤᠨᠢᠴᠢᠯᠠᠭᠳᠠᠭᠰᠠᠨ ᠦᠶᠠᠰ ᠰᠠᠶᠢ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠤᠬᠠᠭᠳᠠᠬᠤᠨ ᠢ ᠭᠡᠷᠡᠭᠯᠠᠨ᠎ᠠ》⑤ ᠭᠡᠪᠠ᠃ ᠵᠠᠷᠢᠮ ᠨᠢ 《ᠴᠦᠭᠡᠨ ᠲᠤᠭᠠᠳᠤ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠪᠤᠯ ᠲᠠᠷᠤᠢ ᠤᠯᠠᠨ ᠦᠨᠳᠤᠰᠤᠳᠠᠨ ᠲᠠᠢ ᠤᠯᠤᠰ ᠲᠤ ᠭᠦᠮᠦᠨ ᠠᠮᠠ ᠴᠦᠭᠡᠨ ᠲᠠᠢ ᠦᠨᠳᠤᠰᠤᠳᠠᠨ ᠳᠤ ᠶᠠᠪᠤᠭᠤᠯᠵᠤ ᠪᠠᠢᠢᠭ᠎ᠠ ᠰᠤᠷᠭᠠᠨ ᠭᠦᠮᠦᠵᠢᠯ ᠪᠤᠯᠤᠨ᠎ᠠ᠂  ᠲᠦᠭᠦᠮᠴᠢᠯᠡᠭᠡᠳ ᠦᠨᠳᠤᠰᠤᠳᠠᠨ ᠤ ᠰᠤᠷᠭᠠᠨ ᠭᠦᠮᠦᠵᠢᠯ ᠭᠡᠳᠡᠭ᠃  ᠲᠤᠮᠳᠠᠳᠤ ᠤᠯᠤᠰ ᠲᠤ ᠬᠢᠳᠠᠳ ᠦᠨᠳᠤᠰᠤᠳᠠᠨ ᠡᠴᠡ ᠭᠠᠳᠠᠨᠠᠬᠢ ᠪᠤᠰᠤᠳ ᠦᠨᠳᠤᠰᠤᠳᠠᠨ ᠳᠤ ᠶᠠᠪᠤᠭᠤᠯᠵᠤ ᠪᠠᠢᠢᠭ᠎ᠠ ᠰᠤᠷᠭᠠᠨ ᠭᠦᠮᠦᠵᠢᠯ ᠢ ᠵᠢᠭᠠᠨ᠎ᠠ》⑥ ᠭᠡᠪᠠ᠃ ᠮᠠᠨ ᠤ ᠤᠯᠤᠰ ᠲᠤ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠨᠢ ᠵᠠᠩᠰᠢᠯ ᠵᠢᠠᠷ ᠲᠤᠮᠳᠠᠳᠤ ᠤᠯᠤᠰ ᠤᠨ ᠬᠢᠳᠠᠳ ᠦᠨᠳᠤᠰᠤᠳᠠᠨ ᠡᠴᠡ ᠭᠠᠳᠠᠨᠠᠬᠢ 55 ᠴᠦᠭᠡᠨ ᠲᠤᠭᠠᠳᠤ ᠦᠨᠳᠤᠰᠤᠳᠠᠨ ᠤ ᠰᠤᠷᠭᠠᠨ ᠭᠦᠮᠦᠵᠢᠯ ᠢ ᠲᠤᠰᠬᠠᠢᠢᠯᠠᠨ ᠵᠢᠭᠠᠳᠠᠬ ᠶᠤᠮ᠃  ᠲᠤᠬᠠᠢᠢᠯᠠᠪᠠᠯ 《ᠰᠤᠷᠭᠠᠨ ᠭᠦᠮᠦᠵᠢᠯ ᠤᠨ ᠪᠦᠷᠢᠨ ᠲᠤᠯᠢ᠂  ᠦᠨᠳᠤᠰᠤᠳᠠᠨ ᠤ ᠪᠤᠳᠢ》 ‍ᠳ᠋ᠤ  《ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠪᠤᠯ ᠲᠤᠮᠳᠠᠳᠤ ᠤᠯᠤᠰ ᠤᠨ ᠴᠦᠭᠡᠨ ᠲᠤᠭᠠᠳᠤ ᠦᠨᠳᠤᠰᠤᠳᠠᠨ ᠤ ᠰᠤᠷᠭᠠᠨ ᠭᠦᠮᠦᠵᠢᠯ ᠤᠨ ᠲᠦᠭᠦᠮ ᠨᠠᠷᠠᠢᠢᠳᠤᠯ ᠪᠤᠯᠤᠨ᠎ᠠ᠂  ᠤᠨᠴᠠᠯᠠᠨ ᠬᠢᠳᠠᠳ ᠦᠨᠳᠤᠰᠤᠳᠠᠨ ᠡᠴᠡ ᠭᠠᠳᠠᠨᠠᠬᠢ ᠪᠤᠰᠤᠳ 55 ᠦᠨᠳᠤᠰᠤᠳᠠᠨ ᠳᠤ ᠶᠠᠪᠤᠭᠤᠯᠵᠤ ᠪᠠᠢᠢᠭ᠎ᠠ ᠰᠤᠷᠭᠠᠨ ᠭᠦᠮᠦᠵᠢᠯ ᠢ ᠵᠢᠭᠠᠳᠠᠬ》 ⑦  ᠭᠡᠵᠠᠢ᠃ ᠵᠠᠷᠢᠮ   ᠭᠦᠮᠦᠰ ᠤᠨ ᠦᠵᠠᠭᠦ ᠪᠠᠷ᠂  ᠮᠠᠨ ᠤ ᠤᠯᠤᠰ ᠤᠨ ᠦᠨᠳᠤᠰᠤᠳᠠᠨ ᠤ ᠰᠤᠷᠭᠠᠨ ᠭᠦᠮᠦᠵᠢᠯ ᠪᠤᠯ 《ᠲᠠᠩ ᠴᠤᠯᠭᠤᠢ ᠦᠨᠳᠤᠰᠤᠳᠠᠨ ᠤ ᠰᠤᠷᠭᠠᠨ ᠭᠦᠮᠦᠵᠢᠯ》 ᠪᠠ 《ᠨᠠᠢᠢᠯᠠᠮᠠᠯ ᠦᠨᠳᠤᠰᠤᠳᠠᠨ ᠤ ᠰᠤᠷᠭᠠᠨ ᠭᠦᠮᠦᠵᠢᠯ》 ᠵᠢᠠᠷ ᠪᠦᠷᠢᠯᠳᠤᠨ᠎ᠠ᠃ ᠪᠠᠰᠠ ᠵᠠᠷᠢᠮ ᠨᠢ ᠮᠠᠨ ᠤ ᠤᠯᠤᠰ ᠤᠨ ᠦᠨᠳᠤᠰᠤᠳᠠᠨ ᠤ ᠰᠤᠷᠭᠠᠨ ᠭᠦᠮᠦᠵᠢᠯ ᠢ ᠲᠠᠯᠭᠡᠷᠡᠩᠭᠦᠢ ᠤᠳᠬ᠎ᠠ ᠲᠠᠭᠡᠷᠡᠬᠢ ᠰᠤᠷᠭᠠᠨ ᠭᠦᠮᠦᠵᠢᠯ ᠭᠡᠳᠡᠭ ᠪᠤᠯ《ᠰᠤᠶᠤᠯ ᠢ ᠰᠤᠨᠳᠠᠯᠠᠭᠰᠠᠨ ᠰᠤᠷᠭᠠᠨ ᠭᠦᠮᠦᠵᠢᠯ᠂  ᠲᠠᠷᠤᠢ ᠠᠳᠠᠯᠢ ᠪᠤᠰᠤ ᠰᠤᠶᠤᠯ ᠲᠠᠢ ᠭᠦᠮᠦᠵᠢᠯ ᠭᠦᠷᠳᠡᠭᠴᠢᠳ ᠤᠨ ᠰᠤᠷᠭᠠᠨ ᠭᠦᠮᠦᠵᠢᠯ ᠢ ᠵᠢᠭᠠᠨ᠎ᠠ》᠃ ᠢᠪᠴᠤᠤ ᠤᠳᠬ᠎ᠠ ᠲᠠᠭᠡᠷᠠᠬᠢ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠪᠤᠯ 《ᠤᠯᠠᠨ ᠦᠨᠳᠤᠰᠤᠳᠠᠨ ᠲᠠᠢ ᠤᠯᠤᠰ ᠲᠤ ᠴᠦᠭᠡᠨ ᠲᠤᠭᠠᠳᠤ ᠦᠨᠳᠤᠰᠤᠳᠠᠨ ᠤ ᠭᠦᠮᠦᠵᠢᠯ ᠭᠦᠷᠳᠡᠭᠴᠢᠳ ᠤᠨ ᠨᠢᠭᠡ ᠵᠦᠢᠯ ᠤᠨ ᠰᠤᠷᠭᠠᠨ ᠭᠦᠮᠦᠵᠢᠯ ᠢ ᠵᠢᠭᠠᠨ᠎ᠠ》 ⑧ ᠭᠡᠪᠠ᠃
    ᠦᠨᠳᠤᠰᠤᠳᠠᠨ ᠤ ᠰᠤᠷᠭᠠᠨ ᠭᠦᠮᠦᠵᠢᠯ ᠤᠨ ᠲᠤᠬᠠᠢ ᠲᠠᠭᠡᠷᠡᠬᠢ ᠭᠡᠯᠠᠯᠭᠡ ᠨᠤᠭᠦᠳ ᠡᠢᠢᠮᠦ ᠪᠤᠶᠤ ᠲᠠᠢᠢᠮᠦ ᠵᠦᠷᠢᠯᠳᠤᠭᠡᠨ ᠲᠠᠢ ᠪᠠᠢᠢᠵᠤ᠂ ᠲᠡᠭᠦᠨ ᠤ ᠠᠭᠤᠯᠤᠭᠳᠠᠬᠤᠨ ᠳᠤ ᠭᠦᠮᠦᠰ ᠭᠡᠳᠤᠢ ᠠᠳᠠᠯᠢ ᠪᠤᠰᠤ ᠤᠢᠢᠯᠠᠭᠠᠯᠳᠠ ᠲᠠᠢ ᠪᠠᠢᠢᠭᠰᠠᠨ ᠴᠤ᠂ ᠮᠦᠨ ᠨᠠᠢᠢᠳᠡᠯᠢᠭ᠌ ᠲᠠᠯ᠎ᠠ ᠪᠠᠢᠢᠭ᠎ᠠ ᠵᠢ  ᠤᠯᠵᠤ ᠬᠠᠷᠠᠬᠤ ᠪᠤᠯᠤᠨ᠎ᠠ᠃ ᠲᠠᠷᠤᠢ ᠦᠨᠳᠤᠰᠤᠳᠠᠨ ᠤ ᠰᠤᠷᠭᠠᠨ ᠭᠦᠮᠦᠵᠢᠯ ᠨᠢ ᠵᠠᠪᠠᠯ ᠦᠨᠳᠤᠰᠤᠳᠠᠨ ᠤ ᠪᠠᠨ ᠰᠤᠶᠤᠯ ᠳᠤ ᠰᠠᠭᠤᠷᠢᠯᠠᠬᠤ᠂ ᠦᠨᠳᠤᠰᠤᠳᠠᠨ ᠤ ᠪᠠᠨ ᠰᠢᠨ᠎ᠠ ᠨᠢᠭᠡ ᠦᠶ᠎ᠠ ᠵᠢᠨ ᠬᠢᠨ ᠳᠤ ᠵᠤᠷᠢᠯᠭ᠎ᠠ ᠲᠠᠢ᠂  ᠲᠦᠯᠦᠪᠯᠠᠭᠡ ᠲᠠᠢ᠂ ᠵᠤᠬᠢᠶᠠᠨ ᠪᠠᠢᠢᠭᠤᠯᠤᠯᠳᠠ ᠲᠠᠢ᠂ ᠰᠢᠰᠲ᠋ᠸᠮ ᠲᠠᠢ ᠪᠠᠷ ᠭᠦᠮᠦᠵᠢᠯ ᠬᠢᠭᠦ᠂  ᠲᠤᠰ ᠦᠨᠳᠤᠰᠤᠳᠠᠨ ᠤ  ᠭᠡᠰᠢᠭᠦᠳ ᠲᠤ ᠦᠪᠠᠷ ᠤᠨ ᠵᠢᠠᠨ ᠰᠤᠶᠤᠯ ᠳᠠᠭᠠᠨ ᠬᠠᠨᠳᠤᠬᠤ ᠤᠪᠤᠷ ᠪᠠ ᠠᠮᠢᠳᠤᠷᠠᠯ ᠤᠨ ᠴᠢᠳᠠᠪᠤᠷᠢ ᠵᠢ ᠤᠯᠭᠤᠬᠤ᠂  ᠰᠤᠷᠭᠠᠨ ᠭᠦᠮᠦᠵᠢᠯ ᠭᠦᠷᠳᠡᠭᠴᠢᠳ ᠢ ᠵᠤᠬᠢᠬᠤ ᠴᠢᠳᠠᠪᠤᠷᠢ ᠲᠠᠢ ᠨᠠᠢᠢᠭᠡᠮᠴᠢᠯᠡᠭᠰᠡᠨ ᠭᠦᠮᠦᠨ ᠪᠤᠯᠭᠠᠵᠤ᠂ ᠦᠨᠳᠤᠰᠤᠳᠠᠨ ᠳᠡᠭᠡᠨ ᠦᠢᠯᠠᠴᠢᠯᠠᠭᠦᠯᠭᠦ ᠵᠡᠷᠭᠡ ᠪᠤᠯᠤᠨ᠎ᠠ᠃ ᠡᠨᠠ ᠪᠦᠭᠦᠢ ᠨᠠᠢᠢᠳᠡᠯᠢᠭ᠌ ᠲᠠᠯ᠎ᠠ ᠵᠢ ᠪᠢᠳᠠ ᠰᠲ᠋ᠠᠯᠢᠨ ᠤ  ᠦᠨᠳᠤᠰᠤᠳᠠᠨ ᠤ ᠲᠤᠬᠠᠢ ᠲᠤᠮᠢᠶᠠᠯᠠᠯ ᠲᠠᠢ ᠤᠶᠠᠯᠳᠤᠭᠤᠯᠤᠨ ᠦᠵᠠᠪᠠᠯ᠂ ᠦᠨᠳᠤᠰᠤᠳᠠᠨ ᠤ ᠰᠤᠷᠭᠠᠨ ᠭᠦᠮᠦᠵᠢᠯ ᠤᠨ ᠭᠦᠷᠢᠶ᠎ᠠ ᠭᠡᠪᠴᠢᠶ᠎ᠠ᠂ ᠠᠭᠤᠯᠭ᠎ᠠ ᠵᠢ ᠤᠢᠢᠯᠠᠭᠠᠵᠤ᠂  ᠨᠠᠩ ᠢᠯᠠᠩᠭᠤᠶ᠎ᠠ ᠦᠨᠳᠤᠰᠤᠳᠠᠨ ᠤ ᠰᠤᠷᠭᠠᠨ ᠭᠦᠮᠦᠵᠢᠯ ᠤᠨ ᠤᠨᠴᠠᠯᠢᠭ ᠢ ᠡᠵᠠᠮᠰᠢᠵᠤ ᠪᠤᠯᠬᠤ ᠶᠤᠮ᠃
    ᠦᠨᠳᠤᠰᠤᠳᠠᠨ ᠤ ᠰᠤᠷᠭᠠᠨ ᠭᠦᠮᠦᠵᠢᠯ ᠡᠷᠭᠡᠪᠰᠢ ᠲᠤᠰ ᠦᠨᠳᠤᠰᠤᠳᠠᠨ ᠤ ᠪᠠᠨ ᠰᠤᠶᠤᠯ ᠳᠤ ᠰᠠᠭᠤᠷᠢᠯᠠᠬᠤ ᠭᠡᠷᠡᠭᠳᠠᠢ᠃  ᠡᠨᠠ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠮᠦᠨ ᠴᠢᠨᠠᠷ ᠪᠤᠯᠤᠨ᠎ᠠ᠃ ᠦᠨᠳᠤᠰᠤᠳᠠᠨ ᠨᠢᠭᠡᠪᠤᠷᠢ ᠴᠦᠮ ᠠᠮᠢᠳᠤᠷᠠᠯ ᠦᠢᠯᠠᠳᠤᠯᠭᠡ ᠵᠢᠨ  ᠶᠠᠪᠤᠴᠠ ᠳᠠᠭᠠᠨ ᠦᠢᠯᠠᠳᠪᠤᠷᠢᠯᠠᠯ ᠪᠠ ᠤᠷᠴᠢᠨ ᠲᠤᠭᠤᠷᠢᠨ ᠳᠠᠭᠠᠨ ᠲᠤᠬᠢᠷᠠᠭᠰᠠᠨ ᠦᠪᠠᠷᠮᠢᠴᠠ ᠰᠤᠶᠤᠯ ᠢ ᠪᠦᠳᠤᠭᠡᠭᠰᠡᠨ ᠶᠤᠮ᠃  ᠪᠠᠢᠢᠭᠠᠯᠢ ᠵᠢᠨ ᠨᠦᠭᠦᠴᠠᠯ ᠪᠤᠯ ᠤᠯᠠᠨ ᠶᠠᠩᠵᠤᠳᠤ ᠰᠤᠶᠤᠯ ᠤᠨ ᠰᠠᠭᠤᠷᠢ ᠪᠤᠯᠤᠨ᠎ᠠ᠃  ᠤᠯᠠᠨ ᠶᠠᠩᠵᠤᠳᠤ ᠰᠤᠶᠤᠯ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠰᠠᠭᠤᠷᠢ ᠪᠤᠯᠬᠤ ᠶᠤᠮ᠃  ᠨᠢᠭᠡ ᠦᠨᠳᠤᠰᠤᠳᠠᠨ ᠨᠢ ᠰᠤᠶᠤᠯ ᠲᠠᠢ ᠪᠠᠨ ᠶᠠᠬ ᠠᠭᠠᠯᠵᠢ ᠪᠠ ᠠᠭᠠᠯᠵᠢ ᠵᠢᠨ ᠲᠤᠤᠷ ᠮᠠᠳᠤ ᠬᠠᠷᠢᠴᠠᠭ᠎ᠠ ᠲᠠᠢ ᠪᠠᠢᠢᠳᠠᠬ ᠶᠤᠮ᠃ ᠠᠭᠠᠯᠵᠢ ᠦᠭᠡᠢ ᠪᠤᠯ  ᠠᠭᠠᠯᠵᠢ ᠵᠢᠨ ᠲᠤᠤᠷ ᠦᠭᠡᠢ᠂  ᠠᠭᠠᠯᠵᠢ ᠵᠢᠨ ᠲᠤᠤᠷ ᠪᠠᠢᠢᠬᠤ ᠦᠭᠡᠢ ᠪᠤᠯ ᠠᠭᠠᠯᠵᠢ ᠴᠤ ᠤᠷᠤᠰᠢᠵᠤ ᠴᠢᠳᠠᠬᠤ ᠦᠭᠡᠢ ᠶᠤᠮ᠃ ᠲᠠᠭᠡᠭᠦᠯᠠᠷ ᠦᠨᠳᠤᠰᠤᠳᠠᠨ ᠤ ᠰᠤᠶᠤᠯ ᠪᠤᠯ ᠤᠷᠤᠯᠠᠵᠤ ᠪᠤᠯᠤᠰᠢ ᠦᠭᠡᠢ ᠴᠢᠨᠠᠷ ᠲᠠᠢ ᠪᠢᠯᠠ᠃  ᠦᠨᠳᠤᠰᠤᠳᠠᠨ ᠤ ᠰᠤᠷᠭᠠᠨ ᠭᠦᠮᠦᠵᠢᠯ ᠢ ᠤᠬᠠᠮᠰᠠᠷ ᠲᠠᠢ ᠪᠤᠶᠤ ᠤᠬᠠᠮᠰᠠᠷ ᠦᠭᠡᠢ ᠰᠢᠭᠤᠳ ᠶᠠᠮᠠᠷ ᠨᠢᠭᠡ ᠬᠠᠷᠢ ᠤᠯᠤᠰ ᠦᠨᠳᠤᠰᠤᠳᠠᠨ ᠤ ᠰᠤᠶᠤᠯ ᠳᠤ ᠰᠠᠭᠤᠷᠢᠰᠢᠭᠤᠯᠬᠤ ᠪᠤᠶᠤ ᠡᠰᠠᠭᠦᠯ᠎ᠠ ᠤᠷᠤᠯᠠᠭᠤᠯᠬᠤ ᠳᠤ ᠭᠦᠷᠪᠠᠯ᠂  ᠲᠠᠷᠠ ᠨᠢ ᠤᠯᠤᠰ ᠲᠦᠷᠤ ᠵᠢᠨ ᠲᠠᠯ᠎ᠠ ᠳᠤ ᠦᠨᠳᠤᠰᠤᠳᠠᠨ ᠢ ᠬᠠᠢᠢᠯᠤᠭᠤᠯᠬᠤ᠂ ᠴᠢᠨᠠᠭᠰᠢᠯᠠᠨ ᠺᠤᠯᠤᠨᠢᠴᠢᠯᠠᠭᠰᠠᠨ᠂ ᠹᠠᠱᠢᠰᠴᠢᠯᠡᠬᠰᠡᠨ ᠬᠠᠷᠬᠢᠰ ᠭᠡᠷᠴᠡᠭᠡᠢ ᠦᠢᠯᠠ ᠠᠵᠢᠯᠯᠠᠭ᠎ᠠ ᠳᠤ ᠭᠦᠷᠭᠦ ᠨᠢ ᠮᠠᠳᠠᠭᠡᠵᠢ ᠭᠡᠷᠡᠭ ᠶᠤᠮ᠃  ᠦᠨᠳᠤᠰᠤᠳᠠᠨ ᠤ ᠰᠤᠷᠭᠠᠨ ᠭᠦᠮᠦᠵᠢᠯ ᠢ ᠭᠠᠭᠴᠠ ᠭᠦ ᠲᠤᠰ ᠦᠨᠳᠤᠰᠤᠳᠠᠨ ᠤ ᠬᠢᠨᠢ  ᠰᠤᠶᠤᠯ ᠳᠤ ᠰᠠᠭᠤᠷᠢᠰᠢᠭᠤᠯᠮᠠᠨᠵᠢᠨ ᠰᠠᠶᠢ ᠭᠦᠮᠦᠨ ᠲᠦᠷᠤᠯᠬᠢᠳᠠᠨ ᠤ ᠰᠤᠶᠤᠯ ᠤᠨ ᠦᠪ ᠭᠦᠷᠤᠩᠭᠡ ᠵᠢ ᠬᠠᠮᠠᠭᠠᠯᠠᠵᠤ᠂  ᠦᠨᠳᠤᠰᠤᠳᠠᠨ ᠤ ᠴᠢᠳᠠᠪᠤᠷᠢᠳᠠᠨ ᠢ  ᠭᠦᠮᠦᠵᠢᠭᠦᠯᠦᠨ᠂  ᠦᠨᠳᠤᠰᠤᠳᠠᠨ ᠤ ᠰᠤᠶᠤᠯ ᠭᠡᠭᠡᠷᠡᠯ ᠢ ᠭᠦᠭᠵᠢᠭᠦᠯᠵᠤ᠂  ᠦᠨᠳᠤᠰᠤᠳᠠᠨ ᠨᠢᠭᠡᠪᠤᠷᠢ ᠦᠪᠠᠷᠮᠢᠴᠠ ᠰᠤᠶᠤᠯ ᠵᠢᠠᠷ ᠵᠢᠠᠨ ᠰᠢᠨ᠎ᠠ ᠵᠢ ᠡᠭᠦᠳᠴᠤ᠂  ᠦᠪᠠᠷ ᠤᠨ ᠤᠨᠴᠠᠯᠢᠬ ᠵᠢᠠᠷ ᠵᠢᠠᠨ ᠲᠠᠯᠠᠭᠡᠢ ᠳᠡᠬᠢᠨ ᠳᠤ ᠤᠷᠤᠰᠢᠵᠤ ᠴᠢᠳᠠᠬᠤ ᠶᠤᠮ᠃  《ᠨᠢᠭᠡ ᠦᠨᠳᠤᠰᠤᠳᠠᠨ ᠭᠡᠷᠪᠠ ᠦᠪᠠᠷ ᠤᠨ ᠤᠯᠠᠮᠵᠢᠯᠠᠯ ᠵᠢᠠᠨ ᠤᠷᠬᠢᠬᠤ ᠳᠤ ᠭᠦᠷᠪᠠᠯ᠂  ᠦᠪᠠᠷ ᠤᠨ ᠤᠨᠴᠠᠯᠢᠬ ᠪᠤᠯᠤᠨ ᠤᠷᠤᠨ ᠪᠠᠢᠢᠷᠢ ᠪᠠᠨ ᠠᠯᠳᠠᠬᠤ ᠪᠤᠯᠤᠨ᠎ᠠ᠃  ᠪᠢᠳᠠᠨ ᠤ ᠱᠠᠭᠠᠷᠳᠠᠵᠤ ᠪᠠᠢᠢᠭ᠎ᠠ ᠲᠠᠪᠰᠢᠯᠳᠠ ᠪᠤᠯ ᠬᠠᠷᠢᠨ ᠤᠯᠠᠮᠵᠢᠯᠠᠯ ᠤᠨ ᠰᠠᠭᠤᠷᠢᠨ ᠲᠠᠭᠡᠷᠡᠬᠢ ᠰᠢᠨᠠᠳᠤᠯ᠂  ᠬᠤᠪᠢᠷᠠᠯᠳᠠ ᠬᠢᠭᠡᠳ ᠭᠦᠭᠵᠢᠯᠳᠠ ᠪᠤᠯᠬᠤ ᠶᠤᠮ》⑨᠃ ᠦᠭᠡᠷ᠎ᠠ ᠪᠠᠷ ᠭᠡᠯᠠᠪᠠᠯ᠂ ᠦᠨᠳᠤᠰᠤᠳᠠᠨ ᠤ ᠰᠤᠷᠭᠠᠨ ᠭᠦᠮᠦᠵᠢᠯ ᠦᠨᠳᠤᠰᠤᠳᠠᠨ ᠤ ᠪᠠᠨ ᠠᠵᠤ ᠠᠬᠤᠢ᠂  ᠤᠯᠤᠰ ᠲᠦᠷᠤ᠂ ᠰᠤᠶᠤᠯ ᠡᠴᠡ ᠰᠠᠯᠵᠤ ᠪᠤᠯᠬᠤ ᠦᠭᠡᠢ ᠶᠤᠮ᠂ ᠡᠨᠠ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠡᠩ ᠤᠨ᠂ ᠲᠦᠭᠡᠮᠠᠯ ᠴᠢᠨᠠᠷ ᠪᠦᠭᠦᠢ ᠰᠤᠷᠭᠠᠨ ᠭᠦᠮᠦᠵᠢᠯ ᠡᠴᠡ ᠢᠯᠭᠠᠭᠳᠠᠬᠤ ᠲᠠᠷᠢᠭᠦᠨ ᠴᠢᠬᠤᠯᠠ ᠰᠢᠨᠵᠢ ᠲᠡᠮᠳᠡᠭ ᠪᠤᠯᠬᠤ ᠶᠤᠮ᠃  ᠦᠨᠳᠤᠰᠤᠳᠠᠨ ᠤ ᠪᠠᠨ ᠰᠤᠶᠤᠯ ᠢ ᠤᠯᠠᠮᠵᠢᠯᠠᠨ ᠭᠦᠭᠵᠢᠭᠦᠯᠭᠦ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠴᠢᠮᠦᠭᠡ ᠮᠦᠨ᠃  ᠮᠦᠨ ᠴᠤ ᠦᠨᠳᠤᠰᠤᠳᠠᠨ ᠤ ᠰᠤᠷᠭᠠᠨ ᠭᠦᠮᠦᠵᠢᠯ ᠤᠨ ᠠᠭᠤᠯᠭ᠎ᠠ ᠪᠠ ᠨᠠᠢᠢᠭᠡᠮ ᠤᠨ ᠴᠢᠳᠠᠮᠵᠢ ᠵᠢ ᠬᠠᠷᠠᠭᠤᠯᠵᠤ ᠪᠠᠢᠢᠭ᠎ᠠ ᠶᠤᠮ᠃ ᠦᠨᠳᠤᠰᠤᠳᠠᠨ ᠨᠢᠭᠡᠪᠤᠷᠢ ᠲᠤᠭᠳᠠᠭᠰᠠᠨ ᠤᠷᠴᠢᠨ ᠲᠤᠭᠤᠷᠢᠨ ᠳᠤ ᠠᠮᠢᠳᠤᠷᠠᠵᠤ ᠤᠷᠤᠰᠢᠬᠤ ᠳᠠᠭᠠᠨ ᠬᠤᠷᠠᠮᠳᠤᠭᠤᠯᠤᠭᠰᠠᠨ ᠡᠯ᠎ᠠ ᠵᠦᠢᠯ ᠤᠨ ᠮᠠᠳᠠᠯᠭᠡ ᠲᠤᠷᠰᠢᠯᠭ᠎ᠠ ᠪᠠᠨ ᠨᠢᠭᠡ ᠦᠶ᠎ᠠ ᠨᠢ ᠨᠦᠭᠦᠭᠡ ᠦᠶ᠎ᠠ ᠳᠡᠭᠡᠨ ᠤᠯᠠᠮᠵᠢᠯᠠᠨ᠂ ᠦᠪᠠᠷᠮᠢᠴᠠ ᠰᠤᠶᠤᠯ ᠵᠢᠠᠷ ᠵᠢᠠᠨ ᠤᠷᠤᠰᠢᠵᠤ ᠭᠦᠭᠵᠢᠵᠤ ᠢᠷᠡᠭᠰᠡᠨ ᠶᠤᠮ᠃  ᠢᠩᠬᠢᠭᠦ ᠳᠡᠭᠡᠨ ᠤᠷᠢᠳᠤᠬᠢ ᠪᠠᠨ ᠵᠠᠯᠭᠠᠮᠵᠢᠯᠠᠵᠤ᠂  ᠦᠪᠠᠷ ᠤᠨ ᠴᠠᠭ ᠦᠶ᠎ᠠ ᠵᠢᠨ ᠵᠢᠠᠨ ᠪᠦᠳᠤᠭᠡᠭᠰᠡᠨ ᠠᠮᠵᠢᠯᠳᠠ ᠪᠦᠳᠤᠭᠡᠯ ᠪᠤᠯᠤᠨ ᠪᠤᠰᠤᠳ ᠤᠯᠤᠰ ᠦᠨᠳᠤᠰᠤᠳᠠᠨ ᠤ ᠪᠦᠳᠤᠭᠡᠭᠰᠡᠨ ᠠᠮᠵᠢᠯᠳᠠ ᠪᠦᠳᠤᠭᠡᠯ ᠢ ᠰᠢᠩᠭᠡᠭᠡᠨ ᠠᠪᠴᠤ ᠬᠤᠢᠢᠴᠢ ᠦᠶ᠎ᠠ ᠳᠡᠭᠡᠨ ᠤᠯᠠᠮᠵᠢᠯᠠᠳᠠᠬ᠃ 《ᠮᠠᠨ ᠤ ᠲᠠᠭᠡᠳᠤᠰ ᠨᠠᠷ ᠴᠢᠩᠬᠢᠵᠤ ᠭᠢᠵᠤ ᠪᠠᠢᠢᠭᠰᠠᠨ ᠶᠤᠮ ᠴᠢᠨᠢ ᠲᠠᠷᠤᠢ ᠰᠠᠢᠢᠨ ᠭᠡᠳᠡᠭ ᠢ ᠢᠯᠠᠳᠭᠡᠵᠤ ᠪᠠᠢᠢᠭ᠎ᠠ ᠶᠤᠮ᠃  ᠡᠨᠠ ᠨᠢ ᠲᠠᠷᠤᠢ  ᠪᠢᠳᠠ ᠡᠷᠭᠡᠪᠰᠢ ᠡᠳᠡᠭᠡᠷ ᠭᠡᠪ ᠲᠠᠭᠤᠷᠢᠶᠠᠯ ᠪᠤᠯᠤᠨ ᠦᠢᠯᠠ ᠠᠵᠢᠯᠯᠠᠭᠠᠨ ᠤ ᠠᠷᠭ᠎ᠠ ᠮᠠᠶᠢᠬ ᠢ ᠵᠠᠯᠭᠠᠮᠵᠢᠯᠠᠨ ᠠᠪᠬᠤ ᠭᠡᠷᠡᠭᠳᠠᠢ ᠭᠡᠳᠡᠭ ᠢ ᠭᠡᠯᠠᠵᠤ ᠪᠠᠢᠢᠭ᠎ᠠ ᠶᠤᠮ》⑩᠃ ᠦᠨᠳᠤᠰᠤᠳᠠᠨ ᠤ ᠰᠤᠷᠭᠠᠨ ᠭᠦᠮᠦᠵᠢᠯ ᠭᠡᠷᠪᠠ ᠦᠪᠠᠷ ᠤᠨ ᠰᠤᠶᠤᠯ ᠵᠢᠠᠨ ᠤᠯᠠᠮᠵᠢᠯᠠᠬᠤ ᠡᠴᠡ ᠰᠠᠯᠪᠠᠯ᠂  ᠶᠠᠮᠠᠷᠴᠤ ᠤᠳᠬ᠎ᠠ ᠠᠭᠤᠯᠭ᠎ᠠ ᠦᠭᠡᠢ ᠪᠤᠯᠴᠢᠬᠠᠬᠤ ᠶᠤᠮ᠃
    ᠦᠨᠳᠤᠰᠤᠳᠠᠨ ᠤ ᠰᠤᠷᠭᠠᠨ ᠭᠦᠮᠦᠵᠢᠯ ᠦᠨᠳᠤᠰᠤᠳᠠᠨ ᠤ ᠪᠠᠨ ᠭᠡᠰᠢᠭᠦᠳ ᠲᠠᠭᠡᠨ ᠦᠪᠠᠷ ᠤᠨ ᠵᠢᠠᠨ ᠰᠤᠶᠤᠯ ᠵᠢᠴᠢ ᠦᠨᠳᠤᠰᠤᠳᠠᠨ ᠤ ᠪᠠᠨ ᠭᠦᠭᠵᠢᠯ ᠪᠠ ᠢᠷᠡᠭᠡᠳᠤᠢ ᠳᠤ  ᠬᠠᠨᠳᠤᠬᠤ ᠤᠪᠤᠷ ᠪᠤᠯᠤᠨ ᠦᠵᠠᠯ ᠰᠡᠳᠬᠢᠯᠭᠡ ᠵᠢ ᠭᠦᠮᠦᠵᠢᠭᠦᠯᠵᠤ ᠪᠠᠢᠢᠭ᠎ᠠ ᠶᠤᠮ᠃  ᠨᠢᠭᠡ ᠦᠨᠳᠤᠰᠤᠳᠠᠨ ᠬᠤᠢᠢᠴᠢ ᠦᠶ᠎ᠠ ᠳᠡᠭᠡᠨ ᠵᠦᠪᠭᠡᠨ ᠠᠮᠢᠳᠤᠷᠠᠯ ᠤᠨ ᠦᠨᠳᠤᠰᠤᠨ ᠴᠢᠳᠠᠪᠤᠷᠢ ᠵᠢ ᠯᠠ ᠤᠯᠠᠮᠵᠢᠯᠠᠳᠠᠬ ᠪᠢᠰᠢ᠂ ᠬᠠᠷᠢᠨ ᠦᠪᠠᠷ ᠤᠨ ᠦᠨᠳᠤᠰᠤᠳᠠᠨ ᠤ ᠭᠡᠰᠢᠭᠦᠳ ᠨᠢᠭᠡᠪᠤᠷᠢ ᠳᠤ ᠤᠨᠴᠠᠭᠠᠢᠢᠯᠠᠨ ᠡᠨᠠ ᠡᠳᠤᠷ ᠰᠤᠷᠭᠠᠨ ᠭᠦᠮᠦᠵᠢᠯ ᠵᠢᠠᠷ ᠲᠠᠮᠵᠢᠭᠤᠯᠤᠨ ᠦᠪᠠᠷ ᠤᠨ ᠦᠨᠳᠤᠰᠤᠳᠠᠨ ᠤ ᠪᠠᠨ ᠲᠠᠤᠭᠡ ᠰᠤᠶᠤᠯ ᠢ ᠤᠢᠢᠯᠠᠭᠠᠨ ᠡᠵᠠᠮᠰᠢᠭᠦᠯᠭᠦ ᠵᠢᠨ ᠬᠠᠮᠳᠤ ᠮᠦᠨ ᠬᠤᠢᠢᠴᠢ ᠦᠶ᠎ᠠ ᠳᠡᠭᠡᠨ ᠶᠢᠷᠳᠢᠨᠴᠤ ᠵᠢᠨ ᠦᠵᠠᠯ᠂  ᠠᠮᠢᠳᠤᠷᠠᠬᠤᠢ ᠦᠵᠠᠯ᠂  ᠦᠷᠳᠡᠭ ᠤᠨ ᠦᠵᠠᠯ ᠵᠡᠷᠭᠡ ᠵᠢ ᠤᠯᠠᠮᠵᠢᠯᠠᠨ᠂  ᠡᠳᠡᠭᠡᠷ ᠵᠢᠠᠷ ᠢᠷᠠᠵᠤ ᠭᠡᠢᠰᠭᠦᠳ ᠤᠨ ᠵᠢᠠᠨ ᠦᠪᠠᠷ ᠤᠨ ᠰᠤᠶᠤᠯ ᠵᠢᠠᠨ ᠨᠠᠨᠳᠢᠩᠨᠠᠨ ᠬᠠᠢᠢᠷᠠᠯᠠᠬᠤ ᠪᠠ ᠭᠦᠨᠳᠤᠳᠭᠡᠭᠦ᠂  ᠦᠨᠳᠤᠰᠤᠳᠠᠨ ᠤ ᠪᠠᠨ ᠬᠤᠪᠢ ᠵᠠᠶᠠᠭ᠎ᠠ ᠳᠤ ᠬᠠᠷᠢᠭᠤᠴᠠᠬᠤ᠂ ᠦᠨᠳᠤᠰᠤᠳᠠᠨ ᠤ ᠪᠠᠨ ᠭᠦᠭᠵᠢᠯ ᠮᠠᠨᠳᠤᠯ ᠢ ᠠᠩᠬᠠᠷᠬᠤ ᠤᠪᠤᠷ ᠪᠠ ᠬᠠᠢᠢᠷ᠎ᠠ ᠰᠡᠳᠬᠢᠯᠭᠡ ᠵᠢ ᠪᠤᠢ ᠪᠤᠯᠭᠠᠵᠤ᠂  ᠰᠤᠶᠤᠯ ᠵᠢᠠᠨ ᠬᠠᠮᠠᠭᠠᠯᠠᠨ᠂ ᠦᠪᠠᠷᠮᠢᠴᠠ ᠴᠢᠨᠠᠷ ᠵᠢᠠᠨ ᠬᠠᠳᠠᠭᠠᠯᠠᠵᠤ ᠪᠤᠢ᠃ ᠭᠡᠷᠪᠠ ᠨᠢᠭᠡ ᠭᠦᠮᠦᠨ ᠦᠨᠳᠤᠰᠤᠳᠠᠨ ᠤ ᠪᠠᠨ ᠦᠪ ᠰᠤᠶᠤᠯ ᠤᠨ ᠦᠨ᠎ᠠ ᠦᠷᠳᠡᠭ᠂ ᠡᠷᠬᠢᠮ ᠨᠠᠨᠳᠢᠨ ᠴᠢᠨᠠᠷ ᠲᠤ ᠵᠦᠪ ᠲᠠᠨᠢᠯᠳᠠ ᠤᠢᠢᠯᠠᠭᠠᠯᠳᠠ ᠦᠭᠡᠢ ᠶᠤᠮ ᠪᠤᠯ ᠦᠪᠠᠷ ᠤᠨ ᠵᠢᠠᠨ ᠰᠤᠶᠤᠯ ᠢ ᠵᠠᠯᠭᠠᠮᠵᠢᠯᠠᠵᠤ᠂ ᠭᠦᠭᠵᠢᠭᠦᠯᠵᠤ᠂  ᠤᠯᠠᠮᠵᠢᠯᠠᠵᠤ᠂ ᠬᠠᠮᠠᠭᠠᠯᠠᠬᠤ ᠭᠡᠳᠡᠭ ᠨᠢ ᠴᠦᠮ ᠲᠠᠯᠠᠭᠠᠷ ᠭᠡᠷᠡᠭ ᠪᠤᠯᠬᠤ ᠪᠦᠭᠡᠳ ᠦᠨᠳᠤᠰᠤᠳᠠᠨ ᠤ ᠨᠢᠭᠳᠠᠷᠠᠯ ᠴᠤ ᠪᠠᠢᠢᠵᠤ ᠴᠢᠳᠠᠬᠤ ᠦᠭᠡᠢ ᠶᠤᠮ᠃ ᠡᠨᠠ ᠭᠦ ᠤᠳᠬ᠎ᠠ ᠡᠴᠡ ᠠᠪᠴᠤ ᠭᠡᠯᠠᠪᠠᠯ᠂  ᠦᠨᠳᠤᠰᠤᠳᠠᠨ ᠤ ᠪᠠᠨ ᠰᠤᠶᠤᠯ᠂ ᠭᠦᠭᠵᠢᠯ ᠵᠢᠴᠢ ᠢᠷᠡᠭᠡᠳᠤᠢ ᠳᠤ ᠬᠠᠨᠳᠤᠬᠤ ᠦᠵᠠᠯ ᠰᠡᠳᠬᠢᠯᠭᠡ ᠪᠤᠯᠤᠨ ᠤᠪᠤᠷ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠠᠮᠢᠨ ᠰᠦᠨᠠᠰᠤ ᠮᠦᠨ᠃ᠦᠨᠳᠤᠰᠤᠳᠠᠨ ᠤ ᠰᠤᠷᠭᠠᠨ ᠭᠦᠮᠦᠵᠢᠯ ᠮᠦᠨ ᠴᠤ ᠨᠠᠢᠢᠭᠡᠮ ᠤᠨ ᠦᠢᠯᠠ ᠠᠵᠢᠯᠯᠠᠭ᠎ᠠ ᠪᠤᠯᠤᠨ᠎ᠠ᠃  ᠨᠠᠢᠢᠭᠡᠮ ᠡᠴᠡ ᠶᠠᠷᠤ ᠨᠢ ᠲᠡᠭᠦᠨ ᠤ ᠭᠡᠰᠢᠭᠦᠳ ᠲᠠᠭᠡᠨ ᠵᠤᠷᠢᠯᠭ᠎ᠠ ᠲᠠᠢ᠂  ᠲᠦᠯᠦᠪᠯᠠᠭᠡ ᠲᠠᠢ᠂  ᠵᠤᠬᠢᠶᠠᠨ ᠪᠠᠢᠢᠭᠤᠯᠤᠯᠳᠠ ᠲᠠᠢ᠂  ᠰᠢᠰᠲ᠋ᠸᠮ ᠲᠠᠢ ᠪᠠᠷ ᠰᠤᠷᠭᠠᠨ ᠭᠦᠮᠦᠵᠢᠯ ᠶᠠᠪᠤᠭᠤᠯᠵᠤ᠂  ᠬᠤᠢᠢᠴᠢ ᠦᠶ᠎ᠠ ᠵᠢᠨ ᠬᠢᠨ ᠳᠡᠭᠡᠨ ᠡᠯ᠎ᠠ ᠵᠦᠢᠯ ᠤᠨ ᠮᠠᠳᠠᠯᠭᠡ ᠪᠤᠯᠤᠨ  ᠠᠮᠢᠳᠤᠷᠠᠯ ᠤᠨ ᠦᠨᠳᠤᠰᠤᠨ ᠴᠢᠳᠠᠪᠬᠢ ᠵᠢ ᠤᠯᠠᠮᠵᠢᠯᠠᠨ᠂  ᠬᠤᠢᠢᠴᠢ ᠦᠶ᠎ᠠ ᠵᠢᠨ ᠬᠢᠨ ᠵᠢᠠᠨ ᠪᠦᠭᠦ ᠲᠠᠯ᠎ᠠ ᠪᠠᠷ ᠭᠦᠭᠵᠢᠭᠦᠯᠭᠦ ᠵᠢ ᠡᠷᠬᠢᠮᠯᠠᠵᠤ᠂  ᠨᠠᠢᠢᠭᠡᠮ ᠤᠨ ᠷᠤᠯᠢ (角色) ᠪᠤᠯᠬᠤ ᠶᠢ ᠵᠢᠭᠠᠨ ᠵᠢᠯᠤᠭᠤᠳᠴᠤ ᠪᠠᠢᠢᠳᠠᠬ᠃  ᠦᠨᠳᠤᠰᠤᠳᠠᠨ ᠤ ᠰᠤᠷᠭᠠᠨ ᠭᠦᠮᠦᠵᠢᠯ ᠴᠤ ᠮᠦᠨ ᠡᠢᠢᠮᠦ ᠶᠤᠮ᠃ ᠡᠨᠠ ᠨᠢ ᠦᠨᠳᠤᠰᠤᠳᠠᠨ ᠤ ᠰᠤᠷᠭᠠᠨ ᠭᠦᠮᠦᠵᠢᠯ ᠤᠨ ᠶᠠᠪᠤᠴᠠ ᠵᠢ ᠲᠤᠳᠤᠷᠬᠠᠢᠢᠯᠠᠵᠤ᠂ ᠶᠠᠰᠤ ᠴᠢᠨᠠᠷ ᠢ ᠪᠠᠳᠤᠯᠠᠬᠤ ᠵᠢᠨ ᠵᠠᠩᠬᠢᠯᠠᠭ᠎ᠠ ᠪᠤᠯᠤᠨ᠎ᠠ᠃
     ᠦᠨᠳᠤᠰᠤᠳᠠᠨ ᠤ ᠰᠢᠨ᠎ᠠ ᠨᠢᠭᠡ ᠦᠶ᠎ᠠ ᠵᠢᠨ ᠴᠢᠳᠠᠪᠤᠷᠢᠳᠠᠨ ᠢ ᠭᠦᠮᠦᠵᠢᠭᠦᠯᠭᠦ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠦᠨᠳᠤᠰᠤᠨ ᠵᠤᠷᠢᠯᠭ᠎ᠠ ᠪᠠ ᠱᠠᠭᠠᠷᠳᠠᠯᠭ᠎ᠠ ᠪᠤᠯᠬᠤ ᠶᠤᠮ᠃ ᠦᠨᠳᠤᠰᠤᠳᠠᠨ ᠤ ᠰᠤᠷᠭᠠᠨ ᠭᠦᠮᠦᠵᠢᠯ ᠤᠨ ᠪᠤᠢ ᠪᠦᠭᠦᠢ ᠵᠦᠢᠯ ᠨᠢ ᠡᠴᠤᠰ ᠤᠨ ᠡᠴᠤᠰ ᠲᠠᠭᠡᠨ ᠶᠠᠮᠠᠷ ᠭᠦᠮᠦᠨ ᠢ ᠭᠦᠮᠦᠵᠢᠭᠦᠯᠭᠦ ᠳᠤ ᠤᠷᠤᠰᠢᠨ᠎ᠠ᠃  ᠦᠨᠳᠤᠰᠤᠳᠠᠨ ᠤ ᠰᠤᠷᠭᠠᠨ ᠭᠦᠮᠦᠵᠢᠯ ᠪᠤᠯ ᠦᠨᠳᠤᠰᠤᠳᠠᠨ ᠤ ᠢᠷᠡᠭᠡᠳᠤᠢ ᠵᠢᠨ ᠰᠢᠨ᠎ᠠ ᠨᠢᠭᠡ ᠦᠶ᠎ᠠ ᠵᠢᠨ ᠬᠢᠨ ᠢ ᠭᠦᠮᠦᠵᠢᠭᠦᠯᠵᠤ᠂ ᠦᠨᠳᠤᠰᠤᠳᠠᠨ ᠤ ᠭᠦᠭᠵᠢᠯᠳᠠ ᠳᠤ ᠰᠢᠨ᠎ᠠ ᠠᠮᠢᠯᠠᠯ ᠢ ᠤᠯᠭᠤᠨ᠂ ᠨᠠᠢᠢᠭᠡᠮ ᠤᠨ ᠲᠠᠪᠰᠢᠯᠳᠠ᠂  ᠦᠨᠳᠤᠰᠤᠳᠠᠨ ᠤ ᠤᠷᠤᠭᠰᠢᠯᠠᠯᠳᠠ᠂  ᠭᠦᠮᠦᠨ ᠤ ᠪᠦᠭᠦ ᠲᠠᠯ᠎ᠠ ᠵᠢᠨ ᠭᠦᠭᠵᠢᠯᠳᠠ ᠳᠤ ᠦᠢᠯᠠᠴᠢᠯᠠᠭᠦᠯᠭᠦ ᠪᠤᠯᠤᠨ᠎ᠠ᠃ 
    ᠦᠭᠡ ᠭᠡᠯᠠ᠂ ᠦᠰᠦᠭ ᠪᠢᠴᠢᠭ᠌ ᠵᠢᠠᠨ ᠠᠯᠳᠠᠭ᠎ᠠ ᠦᠭᠡᠢ ᠦᠨᠳᠤᠰᠤᠳᠠᠨ ᠡᠷᠭᠡᠪᠰᠢ ᠲᠤᠰ ᠦᠨᠳᠤᠰᠤᠳᠠᠨ ᠤ ᠦᠭᠡ ᠭᠡᠯᠠ᠂  ᠦᠰᠦᠭ ᠪᠢᠴᠢᠭ᠌ ᠵᠢᠠᠷ ᠵᠢᠠᠨ ᠦᠨᠳᠤᠰᠤᠳᠠᠨ ᠤ ᠰᠤᠷᠭᠠᠨ ᠭᠦᠮᠦᠵᠢᠯ ᠤᠨ ᠵᠢᠭᠠᠨ ᠰᠤᠷᠭᠠᠬᠤ ᠠᠷᠭ᠎ᠠ ᠭᠡᠷᠡᠭᠯᠠᠭᠦᠷ ᠪᠤᠯᠭᠠᠬᠤ ᠭᠡᠷᠡᠭᠳᠠᠢ᠃ ᠡᠨᠠ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠬᠠᠮᠤᠭ ᠤᠨ ᠢᠯᠠ ᠲᠤᠳᠤ ᠤᠨᠴᠠᠯᠢᠭ ᠪᠤᠯᠤᠨ᠎ᠠ᠃ ᠦᠭᠡ ᠭᠡᠯᠡ᠂ ᠦᠰᠦᠭ ᠪᠢᠴᠢᠭ᠌ ᠪᠤᠯ ᠦᠨᠳᠤᠰᠤᠳᠠᠨ ᠤ ᠪᠠᠨ ᠠᠮᠢᠳᠤᠷᠠᠯ ᠳᠤ ᠦᠨᠳᠤᠰᠦᠯᠡᠭᠰᠡᠨ ᠪᠦᠭᠡᠳ ᠤᠨᠴᠠᠯᠠᠨ ᠦᠭᠡ ᠭᠡᠯᠠ᠂  ᠦᠰᠦᠭ ᠪᠢᠴᠢᠭ᠌ ᠪᠤᠯ ᠦᠨᠳᠤᠰᠤᠳᠠᠨ ᠨᠤᠭᠤᠳ ᠤᠨ ᠬᠤᠭᠤᠷᠤᠨᠳᠤᠬᠢ ᠴᠢᠬᠤᠯᠠ ᠨᠢᠭᠡᠨ ᠢᠯᠭᠠᠭ᠎ᠠ ᠪᠤᠯᠬᠤ ᠶᠤᠮ᠃ ᠲᠠᠤᠭᠡ ᠵᠢᠨ ᠭᠦᠭᠵᠢᠯᠳᠠ ᠵᠢᠨ ᠶᠠᠪᠤᠴᠠ ᠳᠤ ᠵᠠᠷᠢᠮ ᠦᠨᠳᠤᠰᠤᠳᠠᠨ ᠦᠪᠠᠷ ᠤᠨ ᠦᠭᠡ ᠭᠡᠯᠡ᠂  ᠦᠰᠦᠭ ᠪᠢᠴᠢᠭ᠌ ᠵᠢᠠᠨ ᠠᠯᠳᠠᠭᠰᠠᠨ ᠪᠤᠶᠤ ᠡᠰᠠᠭᠦᠯ᠎ᠠ ᠦᠰᠦᠭ ᠪᠢᠴᠢᠭ᠌ ᠶᠠᠷᠤ ᠡᠴᠡ ᠪᠠᠢᠢᠬᠤ ᠦᠭᠡᠢ᠂  ᠦᠭᠡ ᠭᠡᠯᠠ ᠪᠠᠢᠢᠭᠰᠠᠨ ᠪᠤᠯᠪᠠᠴᠤ ᠲᠡᠭᠦᠨ ᠵᠢᠠᠨ ᠴᠤ ᠠᠯᠳᠠᠭᠰᠠᠨ ᠦᠵᠡᠭᠳᠡᠯ ᠵᠦᠩᠳᠡᠭᠡᠨ ᠪᠤᠢ᠃  ᠭᠡᠶ᠎ᠠ ᠦᠭᠡ ᠭᠡᠯᠠ᠂ ᠦᠰᠦᠭ ᠪᠢᠴᠢᠭ᠌ ᠵᠢᠠᠨ ᠠᠯᠳᠠᠭ᠎ᠠ ᠦᠭᠡᠢ ᠦᠨᠳᠤᠰᠤᠳᠠᠨ ᠨᠤᠭᠦᠳ ᠡᠷᠭᠡ ᠴᠢᠯᠦᠭᠡ ᠲᠠᠢ ᠪᠠᠷ ᠦᠭᠡ ᠭᠡᠯᠠ᠂  ᠦᠰᠦᠭ ᠪᠢᠴᠢᠭ᠌ ᠵᠢᠠᠨ ᠭᠡᠷᠡᠭᠯᠡᠨ᠂  ᠰᠤᠷᠭᠠᠨ ᠭᠦᠮᠦᠵᠢᠯ ᠡᠷᠬᠢᠯᠠᠵᠤ᠂  ᠰᠤᠶᠤᠯ ᠵᠢᠠᠨ ᠤᠯᠠᠮᠵᠢᠯᠠᠬᠤ ᠨᠢ ᠭᠦᠮᠦᠰ ᠤᠨ ᠤᠢᠢᠯᠠᠭᠠᠬᠤ ᠴᠢᠳᠠᠪᠤᠷᠢ᠂  ᠰᠡᠳᠬᠢᠭᠦ ᠴᠢᠳᠠᠪᠤᠷᠢ᠂  ᠭᠡᠷᠡᠭ ᠪᠤᠳᠠᠰ ᠤᠨ ᠮᠦᠨ ᠴᠢᠨᠠᠷ ᠢ ᠡᠵᠠᠮᠰᠢᠭᠦ ᠴᠢᠳᠠᠪᠤᠷᠢ ᠵᠡᠷᠭᠡ ᠵᠢ ᠲᠡᠭᠡᠭᠰᠢᠯᠠᠭᠦᠯᠭᠦ ᠳᠤ ᠲᠤᠳᠠᠭᠳᠠᠵᠤ ᠪᠤᠯᠤᠰᠢ ᠦᠭᠡᠢ ᠦᠨᠳᠤᠰᠤᠨ ᠠᠷᠭ᠎ᠠ ᠭᠡᠷᠡᠭᠯᠡᠭᠦᠷ ᠪᠤᠯᠤᠨ᠎ᠠ᠃ ᠦᠭᠡ ᠭᠡᠯᠠ ᠪᠤᠶᠤ ᠦᠰᠦᠭ ᠪᠢᠴᠢᠭ᠌ ᠵᠢᠠᠨ ᠠᠯᠳᠠᠭ᠎ᠠ ᠦᠭᠡᠢ ᠦᠨᠳᠤᠰᠤᠳᠠᠨ ᠰᠤᠷᠭᠠᠨ ᠭᠦᠮᠦᠵᠢᠯ ᠡᠷᠬᠢᠯᠡᠭᠦ ᠳᠡᠭᠡᠨ ᠲᠠᠳᠠᠨ ᠤ ᠦᠭᠡ ᠭᠡᠯᠠ ᠪᠤᠶᠤ ᠦᠰᠦᠭ ᠪᠢᠴᠢᠭ᠌ ᠵᠢᠠᠨ ᠭᠡᠷᠡᠭᠯᠡᠭᠦ ᠡᠷᠭᠡ ᠴᠢᠯᠦᠭᠡ ᠵᠢ ᠶᠠᠮᠠᠷ ᠨᠢᠭᠡ ᠭᠡᠯᠪᠠᠷᠢ ᠪᠠᠷ ᠬᠠᠷᠰᠢᠯᠠᠵᠤ ᠪᠤᠯᠬᠤ ᠦᠭᠡᠢ᠃  ᠭᠡᠷᠪᠠ ᠡᠭᠦᠨ ᠢ ᠮᠠᠳᠠᠷᠠᠭᠦ ᠦᠭᠡᠢ ᠪᠤᠯ ᠦᠨᠳᠤᠰᠤᠳᠠᠨ ᠤ ᠰᠤᠷᠭᠠᠨ ᠭᠦᠮᠦᠵᠢᠯ ᠢ ᠦᠨᠳᠤᠰᠤᠨ ᠡᠴᠡ ᠨᠢ ᠦᠭᠡᠢᠢᠰᠭᠡᠭᠰᠡᠨ ᠭᠡᠷᠡᠭ ᠪᠤᠯᠬᠤ ᠪᠠᠷ ᠦᠯᠦ ᠪᠠᠷᠠᠨ᠂  ᠦᠨᠳᠤᠰᠤᠳᠠᠨ ᠤ ᠰᠤᠷᠭᠠᠨ ᠭᠦᠮᠦᠵᠢᠯ ᠴᠤ ᠤᠷᠤᠰᠢᠨ ᠲᠤᠭᠳᠠᠨᠢᠬᠤ ᠪᠠ ᠭᠦᠭᠵᠢᠭᠦ ᠤᠳᠬ᠎ᠠ ᠠᠭᠤᠯᠭ᠎ᠠ ᠪᠠᠨ ᠠᠯᠳᠠᠬᠤ ᠪᠤᠯᠤᠨ᠎ᠠ᠃  ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠮᠤᠩᠭᠤᠯ ᠦᠭᠡ ᠭᠡᠯᠠ ᠦᠰᠦᠭ ᠪᠢᠴᠢᠭ᠌ ᠤᠨ ᠠᠵᠢᠯ ᠤᠨ ᠲᠦᠷᠢᠮ ᠪᠤᠯ ᠶᠠᠬ ᠲᠡᠭᠡᠷᠡᠬᠢ ᠠᠰᠠᠭᠤᠳᠠᠯ ᠳᠤ ᠴᠢᠭ᠌ᠯᠡᠭᠦᠯᠦᠨ ᠲᠤᠭᠳᠠᠭᠠᠭᠰᠠᠨ ᠶᠤᠮ᠃
    ᠲᠦᠭᠡᠮᠠᠯ ᠪᠦᠭᠦᠢ ᠴᠢᠨᠠᠷ ᠲᠠᠢ ᠰᠤᠷᠭᠠᠨ ᠭᠦᠮᠦᠵᠢᠯ ᠪᠤᠯᠤᠨ ᠦᠨᠳᠤᠰᠤᠳᠠᠨ ᠤ ᠰᠤᠷᠭᠠᠨ ᠭᠦᠮᠦᠵᠢᠯ ᠪᠤᠯ ᠬᠤᠯᠪᠤᠭ᠎ᠠ ᠲᠠᠢ ᠮᠦᠷᠳᠡᠭᠡᠨ ᠢᠯᠭᠠᠭ᠎ᠠ ᠲᠠᠢ ᠶᠤᠮ᠃  ᠦᠨᠳᠤᠰᠤᠳᠠᠨ ᠤ ᠰᠤᠷᠭᠠᠨ ᠭᠦᠮᠦᠵᠢᠯ ᠪᠤᠯ ᠲᠦᠭᠡᠮᠠᠯ ᠴᠢᠨᠠᠷ ᠪᠦᠭᠦᠢ ᠰᠤᠷᠭᠠᠨ ᠭᠦᠮᠦᠵᠢᠯ ᠳᠤ ᠪᠠᠭᠳᠠᠬᠤ ᠪᠦᠭᠡᠳ ᠬᠤᠶᠠᠭᠤᠯᠠ ᠪᠠᠨ ᠴᠦᠮ ᠤᠨᠴᠠᠯᠠᠨ ᠬᠤᠢᠢᠴᠢ ᠦᠶ᠎ᠠ ᠵᠢᠨ ᠬᠢᠨ ᠢ ᠭᠦᠮᠦᠵᠢᠭᠦᠯᠭᠦ ᠪᠠᠷ ᠭᠤᠤᠯ ᠬᠠᠷᠠᠯᠳᠠ ᠪᠠᠨ ᠪᠤᠯᠭᠠᠵᠤ ᠪᠠᠢᠢᠭ᠎ᠠ ᠪᠢᠯᠠ᠃  ᠭᠡᠶ᠎ᠠ ᠲᠦᠭᠡᠮᠠᠯ ᠪᠦᠭᠦᠢ ᠴᠢᠨᠠᠷ ᠲᠠᠢ ᠰᠤᠷᠭᠠᠨ ᠭᠦᠮᠦᠵᠢᠯ ᠪᠤᠯ ᠦᠨᠳᠤᠰᠤᠳᠠᠨ ᠤᠭᠰᠠᠭ᠎ᠠ ᠢᠯᠭᠠᠯ ᠦᠭᠡᠢ ᠰᠤᠷᠭᠠᠨ ᠭᠦᠮᠦᠵᠢᠯ ᠶᠠᠪᠤᠭᠤᠯᠬᠤ ᠵᠢ ᠴᠢᠬᠤᠯᠠᠴᠢᠯᠠᠨ᠎ᠠ᠃ ᠦᠨᠳᠤᠰᠤᠳᠠᠨ ᠤ ᠰᠤᠷᠭᠠᠨ ᠭᠦᠮᠦᠵᠢᠯ ᠪᠤᠯ ᠬᠠᠷᠢᠨ ᠵᠦᠪᠭᠡᠨ ᠦᠨᠳᠤᠰᠤᠳᠠᠨ ᠤ ᠪᠠᠨ ᠦᠪᠠᠷᠮᠢᠴᠠ ᠰᠤᠶᠤᠯ ᠳᠤ ᠰᠠᠭᠤᠷᠢᠯᠠᠨ᠂  ᠦᠨᠳᠤᠰᠤᠳᠠᠨ ᠤ ᠭᠡᠰᠢᠭᠦᠳ ᠲᠤ ᠰᠤᠷᠭᠠᠨ ᠭᠦᠮᠦᠵᠢᠯ ᠶᠠᠪᠤᠭᠤᠯᠬᠤ ᠵᠢ ᠵᠢᠭᠠᠵᠤ ᠪᠠᠢᠢᠭ᠎ᠠ ᠪᠦᠭᠡᠳ ᠦᠨᠳᠤᠰᠤᠳᠠᠨᠴᠢ ᠴᠢᠨᠠᠷ ᠢ ᠴᠢᠬᠤᠯᠠᠴᠢᠯᠠᠵᠤ ᠪᠠᠢᠢᠭ᠎ᠠ ᠶᠤᠮ᠃  ᠲᠠᠭᠡᠭᠦᠯᠠᠷ ᠦᠨᠳᠤᠰᠤᠳᠠᠨ ᠤ ᠰᠤᠷᠭᠠᠨ ᠭᠦᠮᠦᠵᠢᠯ ᠤᠨ ᠠᠭᠤᠯᠤᠭᠳᠠᠬᠤᠨ ᠢ ᠡᠵᠠᠮᠰᠢᠭᠦ ᠳᠤ ᠦᠨᠳᠤᠰᠤᠳᠠᠨᠴᠢ ᠴᠢᠨᠠᠷ ᠢ ᠴᠢᠩᠭ᠎ᠠ ᠪᠠᠷᠢᠮᠳᠠᠯᠠᠪᠠᠯ ᠵᠤᠬᠢᠨ᠎ᠠ᠃ 
    ᠲᠠᠭᠡᠷ᠎ᠠ ᠦᠭᠦᠯᠡᠭᠰᠡᠨ  ᠲᠦᠭᠡᠮᠠᠯ ᠴᠢᠨᠠᠷ ᠪᠦᠭᠦᠢ ᠰᠤᠷᠭᠠᠨ ᠭᠦᠮᠦᠵᠢᠯ᠂  ᠰᠲ᠋ᠠᠯᠢᠨ ᠤ ᠦᠨᠳᠤᠰᠤᠳᠠᠨ ᠳᠤ ᠬᠢᠭ᠌ᠰᠡᠨ ᠲᠤᠮᠢᠶᠠᠯᠠᠯ ᠪᠠ ᠡᠷᠳᠠᠮᠳᠠᠳ ᠤᠨ ᠦᠨᠳᠤᠰᠤᠳᠠᠨ ᠤ ᠰᠤᠷᠭᠠᠨ ᠭᠦᠮᠦᠵᠢᠯ ᠳᠤ ᠬᠢᠭ᠌ᠰᠡᠨ ᠲᠤᠮᠢᠶᠠᠯᠠᠯ ᠢ ᠦᠨᠳᠤᠰᠤᠯᠠᠪᠠᠯ᠂  ᠮᠤᠩᠭᠤᠯ ᠦᠨᠳᠤᠰᠤᠳᠠᠨ ᠤ ᠰᠤᠷᠭᠠᠨ ᠭᠦᠮᠦᠵᠢᠯ ᠭᠡᠳᠡᠭ ᠢ 《ᠮᠤᠩᠭᠤᠯ ᠦᠨᠳᠤᠰᠤᠳᠠᠨ ᠤ ᠪᠠᠨ ᠰᠤᠶᠤᠯ ᠳᠤ ᠰᠠᠭᠤᠷᠢᠯᠠᠨ᠂  ᠦᠭᠡ ᠭᠡᠯᠠ᠂ ᠦᠰᠦᠭ ᠪᠢᠴᠢᠭ᠌ ᠵᠢᠠᠷ ᠵᠢᠠᠨ ᠬᠤᠢᠢᠴᠢ ᠦᠶ᠎ᠠ ᠵᠢᠨ ᠬᠢᠨ ᠳᠡᠭᠡᠨ ᠠᠮᠢᠳᠤᠷᠠᠯ ᠤᠨ ᠴᠢᠳᠠᠪᠤᠷᠢ ᠪᠤᠯᠤᠨ ᠮᠠᠳᠠᠯᠭᠡ ᠪᠠᠨ ᠤᠯᠠᠮᠵᠢᠯᠠᠨ ᠭᠦᠭᠵᠢᠭᠦᠯᠵᠤ᠂  ᠦᠨᠳᠤᠰᠤᠳᠠᠨ ᠪᠤᠯᠤᠨ ᠰᠤᠶᠤᠯ ᠳᠠᠭᠠᠨ ᠬᠠᠨᠳᠤᠬᠤ ᠤᠪᠤᠷ ᠵᠢᠴᠢ ᠴᠢᠳᠠᠪᠤᠷᠢᠳᠠᠨ ᠢ ᠭᠦᠮᠦᠵᠢᠭᠦᠯᠭᠦ ᠨᠠᠢᠢᠭᠡᠮ ᠤᠨ ᠠᠵᠢᠯᠯᠠᠭ᠎ᠠ ᠮᠦᠨ》 ᠭᠡᠵᠤ ᠲᠤᠮᠢᠶᠠᠯᠠᠵᠤ ᠪᠤᠯᠤᠨ᠎ᠠ᠃
    ᠶᠠᠷᠤᠩᠭᠡᠢᠢᠯᠠᠪᠠᠯ᠂  ᠦᠨᠳᠤᠰᠤᠳᠠᠨ ᠤ ᠰᠤᠷᠭᠠᠨ ᠭᠦᠮᠦᠵᠢᠯ ᠪᠤᠯ ᠲᠠᠭᠦᠨ ᠤ ᠵᠢᠭᠠᠨ ᠰᠤᠷᠭᠠᠬᠤ ᠠᠭᠤᠯᠭ᠎ᠠ᠂ ᠰᠤᠷᠤᠯᠴᠠᠬᠤ ᠶᠠᠪᠤᠴᠠ᠂  ᠠᠷᠭ᠎ᠠ ᠭᠡᠷᠡᠭᠯᠡᠭᠦᠷ᠂  ᠵᠤᠷᠢᠯᠳᠠ ᠬᠠᠷᠠᠯᠳᠠ ᠵᠡᠷᠭᠡ ᠤᠯᠠᠨ ᠲᠠᠯ᠎ᠠ ᠪᠠᠷ ᠴᠦᠮ ᠦᠪᠠᠷᠮᠢᠴᠠ ᠤᠨᠴᠠᠯᠢᠭ ᠲᠠᠢ ᠪᠠᠢᠢᠳᠠᠬ ᠶᠤᠮ᠃  ᠡᠨᠠ ᠭᠦ ᠦᠪᠠᠷᠮᠢᠴᠠ ᠤᠨᠴᠠᠯᠢᠬ ᠢ ᠴᠢᠬᠤᠯᠠᠴᠢᠯᠠᠨ ᠲᠤᠪᠤᠢᠢᠯᠭᠠᠬᠤ ᠪᠤᠯ ᠦᠨᠳᠤᠰᠤᠳᠠᠨ ᠤ ᠰᠤᠷᠭᠠᠨ ᠭᠦᠮᠦᠵᠢᠯ ᠤᠨ ᠲᠤᠰ ᠪᠠᠶ᠎ᠠ ᠵᠢᠨ ᠬᠢᠨᠢ ᠤᠷᠤᠰᠢᠯᠳᠠ ᠪᠠ ᠭᠦᠭᠵᠢᠯᠳᠠ ᠵᠢᠨ ᠲᠤᠳᠤᠭᠠᠳᠤ ᠱᠠᠭᠠᠷᠳᠠᠯᠭ᠎ᠠ ᠮᠦᠨ᠃ ᠡᠨᠠ ᠭᠦ ᠦᠪᠠᠷᠮᠢᠴᠠ ᠤᠨᠴᠠᠯᠢᠭ ᠨᠢ ᠰᠤᠷᠭᠠᠨ ᠭᠦᠮᠦᠵᠢᠯ ᠤᠨ ᠨᠠᠢᠢᠳᠠ ᠵᠢᠨ ᠱᠠᠭᠠᠷᠳᠠᠯᠭ᠎ᠠ ᠪᠠ ᠵᠤᠷᠢᠯᠳᠠ ᠡᠴᠡ ᠵᠠᠢᠢᠳᠠᠵᠤ᠂ ᠰᠤᠷᠭᠠᠨ ᠭᠦᠮᠦᠵᠢᠯ ᠤᠨ ᠭᠦᠭᠵᠢᠯᠳᠠ ᠵᠢᠨ ᠵᠢᠮ᠎ᠠ ᠶᠤᠰᠤ ᠡᠴᠡ ᠲᠠᠷᠰᠯᠡᠭᠰᠡᠨ ᠪᠢᠰᠢ᠂ ᠬᠠᠷᠢᠨ ᠰᠤᠷᠭᠠᠨ ᠭᠦᠮᠦᠵᠢᠯ ᠤᠨ ᠶᠠᠷᠤᠩᠭᠡᠢ ᠵᠢᠮ᠎ᠠ ᠶᠤᠰᠤ ᠵᠢ ᠵᠢᠷᠤᠮᠯᠠᠵᠤ ᠪᠠᠢᠢᠭ᠎ᠠ ᠶᠤᠮ᠃ ᠡᠨᠠ ᠪᠤᠯ ᠲᠦᠭᠡᠮᠠᠯ ᠪᠠ ᠦᠪᠠᠷᠮᠢᠴᠠ᠂ ᠨᠠᠢᠢᠳᠡᠯᠢᠭ᠌ ᠪᠠ ᠤᠨᠴᠠᠭᠠᠢ ᠵᠢᠨ ᠬᠤᠪᠢᠰᠤᠩᠭᠤᠢ ᠬᠠᠷᠢᠴᠠᠭ᠎ᠠ ᠪᠤᠯᠤᠨ᠎ᠠ᠃  ᠡᠭᠦᠨ ᠳᠤ ᠲᠦᠭᠡᠮᠠᠯ᠂  ᠨᠠᠢᠢᠳᠡᠯᠢᠭ᠌ ᠲᠠᠯ᠎ᠠ ᠵᠢ ᠨᠢ ᠴᠢᠬᠤᠯᠠᠴᠢᠯᠠᠭᠠᠳ᠂ ᠲᠡᠭᠦᠨ ᠤ ᠦᠪᠠᠷᠮᠢᠴᠠ ᠲᠠᠯ᠎ᠠ ᠵᠢ ᠨᠢ ᠦᠭᠡᠢᠢᠰᠭᠡᠵᠤ ᠪᠤᠯᠬᠤ ᠦᠭᠡᠢ᠂ ᠮᠦᠨ ᠦᠪᠠᠷᠮᠢᠴᠠ ᠤᠨᠴᠠᠭᠠᠢ ᠲᠠᠯ᠎ᠠ ᠵᠢ ᠨᠢ ᠭᠦᠨᠳᠤᠳᠭᠡᠨ ᠦᠵᠠᠭᠡᠳ᠂  ᠲᠦᠭᠡᠮᠠᠯ ᠪᠠ ᠨᠠᠢᠢᠳᠡᠯᠢᠭ᠌ ᠲᠠᠯ᠎ᠠ ᠵᠢ ᠨᠢ ᠤᠮᠳᠤᠭᠠᠢᠢᠯᠠᠵᠤ ᠪᠤᠯᠬᠤ ᠦᠭᠡᠢ᠂  ᠦᠨᠳᠤᠰᠤᠳᠠᠨ ᠤ ᠰᠤᠷᠭᠠᠨ ᠭᠦᠮᠦᠵᠢᠯ ᠤᠨ ᠵᠠᠩᠬᠢᠯᠠᠭ᠎ᠠ ᠨᠢ ᠲᠦᠭᠡᠮᠠᠯ ᠪᠠ ᠨᠠᠢᠢᠳᠡᠯᠢᠭ᠌ ᠲᠠᠯ᠎ᠠ ᠵᠢ ᠡᠵᠠᠮᠰᠢᠵᠤ᠂ ᠦᠪᠠᠷᠮᠢᠴᠠ ᠪᠠ ᠤᠨᠴᠠᠭᠠᠢ ᠲᠠᠯ᠎ᠠ ᠵᠢ ᠲᠤᠪᠤᠢᠢᠯᠭᠠᠬᠤ ᠳᠤ ᠪᠤᠢ᠃
   
ᠵᠡᠭᠦᠯᠲᠡ᠄
   
① ᠰᠤᠳᠤᠪᠢᠯᠢᠭ᠌᠂  ᠭᠤᠮᠪᠤ᠂  ᠸᠠᠩ ᠹᠸᠩ ᠯᠸᠢ ᠨᠠᠢᠢᠷᠠᠭᠤᠯᠪᠠ᠄ 《ᠰᠤᠷᠭᠠᠨ ᠭᠦᠮᠦᠵᠢᠭᠦᠯᠭᠦ ᠤᠬᠠᠭᠠᠨ》᠂ ᠯᠢᠶᠤᠤᠨᠢᠩ ᠤᠨ ᠦᠨᠳᠤᠰᠤᠳᠠᠨ ᠤ ᠭᠡᠪᠯᠡᠯ ᠤᠨ ᠬᠤᠷᠢᠶ᠎ᠠ᠂ 1994 ᠤᠨ᠂ 64 ᠊ᠳᠤᠭᠡᠷ ᠨᠢᠭᠤᠷ᠃
    ② 《ᠰᠲ᠋ᠠᠯᠢᠨ ᠤ ᠪᠦᠷᠢᠨ ᠵᠤᠬᠢᠶᠠᠯ》᠂ 2 ᠳᠤᠭᠠᠷ ᠪᠤᠳᠢ᠂  ᠠᠷᠠᠳ ᠤᠨ ᠭᠡᠪᠯᠡᠯ ᠤᠨ ᠬᠤᠷᠢᠶ᠎ᠠ᠂ 1953 ᠤᠨ᠂ 249 ᠊ᠳᠤᠭᠡᠷ ᠨᠢᠭᠤᠷ᠃
    ③ 《ᠯᠸᠨᠢᠨ ᠤ ᠰᠤᠩᠭᠤᠮᠠᠯ ᠵᠤᠬᠢᠶᠠᠯ》᠂ 1 ᠊ᠳᠤᠭᠡᠷ ᠪᠤᠳᠢ᠂ 53-54
    ④ ⑦ ᠯᠢ ᠬᠤᠩ ᠵᠢᠶᠸ᠄ 《ᠦᠨᠳᠤᠰᠤᠳᠠᠨ ᠤ ᠰᠤᠷᠭᠠᠨ ᠭᠦᠮᠦᠵᠢᠯ ᠤᠨ ᠰᠤᠳᠤᠯᠤᠯ ᠤᠨ ‍᠊ᠳᠤᠢᠢᠰᠢᠶᠠᠩ ᠬᠢᠭᠡᠳ ᠰᠢᠰᠲ᠋ᠸᠮ ᠤᠨ ᠲᠤᠬᠠᠢ ᠲᠦᠭᠦᠮ ᠦᠭᠦᠯᠠᠭᠦ ᠨᠢ》᠂ ᠤᠮᠠᠷᠠᠳᠤ ᠵᠢᠨ ᠦᠨᠳᠤᠰᠤᠳᠠᠨ ᠰᠡᠳᠭᠦᠯ᠂ 1992 ᠤᠨ ᠤ ᠨᠢᠭᠡᠳᠤᠭᠡᠷ ᠬᠤᠭᠤᠴᠠᠭ᠎ᠠ᠂ 53 ᠳᠤᠭᠠᠷ ᠨᠢᠭᠤᠷ᠃
    ⑤ ᠭᠧᠩ ᠵᠢᠨ ᠱᠸᠩ᠄ 《ᠦᠨᠳᠤᠰᠤᠳᠠᠨ ᠤ ᠰᠤᠷᠭᠠᠨ ᠭᠦᠮᠦᠵᠢᠯ ᠤᠨ ᠤᠬᠠᠭᠳᠠᠬᠤᠨ ᠪᠠ ᠦᠨᠳᠤᠰᠤᠳᠠᠨ ᠤ ᠰᠤᠷᠭᠠᠨ ᠭᠦᠮᠦᠵᠢᠯ ᠤᠨ ᠤᠨᠴᠠᠯᠢᠭ ᠢ ᠦᠭᠦᠯᠠᠭᠦ ᠨᠢ》᠂ ᠦᠨᠳᠤᠰᠤᠳᠠᠨ ᠤ ᠰᠤᠷᠭᠠᠨ ᠭᠦᠮᠦᠵᠢᠯ ᠤᠨ ᠰᠤᠳᠤᠯᠤᠯ᠂  1991 ᠤᠨ᠂ 2 ᠳᠤᠭᠠᠷ ᠬᠤᠭᠤᠴᠠᠭ᠎ᠠ᠃
    ⑥ 《ᠲᠤᠮᠳᠠᠳᠤ ᠤᠯᠤᠰ ᠤᠨ ᠨᠠᠪᠳᠠᠷᠭᠡᠢ ᠲᠤᠯᠢ》᠂ ᠰᠤᠷᠭᠠᠨ ᠭᠦᠮᠦᠵᠢᠯ ᠤᠨ ᠪᠤᠳᠢ᠃
    ⑧ ᠰᠦᠨ ᠷᠤᠢᠸᠸ ᠰᠢᠶᠤᠢᠩ ᠭᠤᠤᠯᠯᠠᠨ ᠨᠠᠢᠢᠷᠠᠭᠤᠯᠪᠠ᠄ 《ᠲᠤᠮᠳᠠᠳᠤ ᠤᠯᠤᠰ ᠤᠨ ᠴᠦᠭᠡᠨ ᠲᠤᠭᠠᠳᠤ ᠦᠨᠳᠤᠰᠤᠳᠠᠨ ᠤ ᠰᠤᠷᠭᠠᠨ ᠭᠦᠮᠦᠵᠢᠯ ᠤᠨ ᠤᠬᠠᠭᠠᠨ ᠤ ᠲᠤᠢᠢᠮᠤ》᠂ ᠲᠤᠮᠳᠠᠳᠤ ᠤᠯᠤᠰ ᠤᠨ ᠭᠦᠳᠠᠯᠮᠤᠷᠢ ᠵᠢᠨ ᠭᠡᠪᠯᠡᠯ ᠤᠨ ᠬᠤᠷᠢᠶ᠎ᠠ᠂  1990 ᠤᠨ᠂  132 ᠳᠤᠭᠠᠷ ᠨᠢᠭᠤᠷ᠃
    ⑨ 《ᠯᠦᠸᠸ ᠯᠠᠨ ᠤ ᠰᠤᠶᠤᠭᠡᠷ ᠦᠭᠡ》 ᠲᠤᠤᠷᠠᠳᠤ ᠲᠠᠪᠳᠡᠷ᠂ ᠬᠠᠢ ᠲᠢᠶᠠᠨ ᠭᠡᠪᠯᠡᠯ ᠤᠨ ᠬᠤᠷᠢᠶ᠎ᠠ᠂ 1995 ᠤᠨ᠂  528 ᠳᠤᠭᠠᠷ ᠨᠢᠭᠤᠷ᠃
    ⑩ ᠯᠦᠸᠸ ᠵᠤ ᠹᠸᠩ ᠭᠤᠤᠯᠯᠠᠨ ᠨᠠᠢᠢᠷᠠᠭᠤᠯᠪᠠ᠄ 《ᠱᠠᠰᠢᠨ ᠤ ᠤᠬᠭᠠᠨ ᠤ ᠲᠤᠢᠢᠮᠤ》 ᠂ ᠬᠤᠸᠠᠳᠤᠢᠩ ᠪᠠᠭᠰᠢ ᠵᠢᠨ ᠶᠠᠭᠡ ᠰᠤᠷᠭᠠᠭᠤᠯᠢ ᠵᠢᠨ ᠭᠡᠪᠯᠡᠯ ᠤᠨ ᠬᠤᠷᠢᠶ᠎ᠠ᠂  1991 ᠤᠨ᠂ 97 ᠳᠤᠭᠠᠷ ᠨᠢᠭᠤᠷ᠃
(《ᠦᠪᠦᠷ ᠮᠤᠩᠭᠤᠯ ᠤᠨ ᠰᠤᠷᠭᠠᠨ ᠬᠦᠮᠦᠵᠢᠯ》2012 ᠣᠨ ᠤ 5ᠳ᠋ᠤᠭᠠᠷ ᠬᠤᠭᠤᠴᠠᠭ᠎ᠠ ᠡᠴᠡ ᠠᠪᠤᠪᠠ᠃)