ᠶᠡᠷᠦᠩᠬᠡᠢ ᠨᠠᠢᠢᠷᠠᠭᠣᠯᠣᠬᠴᠢ ᠪᠠᠶᠠᠨᠪᠠᠭᠠᠳᠤᠷ ᠣᠯᠠᠭᠠᠨᠬᠠᠳᠠ ᠬᠣᠳᠠ ᠶᠢᠨ ᠬᠡᠰᠡᠭ ᠲᠣᠮᠳᠠᠳᠣ ᠪᠠᠭ᠎ᠠ ᠰᠣᠷᠭᠠᠭᠣᠯᠢ ᠨᠣᠭᠣᠳ  ᠢᠶᠡᠷ ᠰᠣᠷᠬᠣ ᠪᠢᠴᠢᠭ᠌ ᠨᠠᠢᠢᠷᠠᠭᠣᠯᠬᠣ ᠬᠡᠪᠯᠡᠬᠦᠯᠬᠦ ᠠᠵᠢᠯ ᠤᠨ ᠲᠣᠬᠠᠢ ᠲᠣᠰᠬᠠᠢ ᠲᠠᠢᠢᠯᠣᠮᠵᠢ ᠬᠢᠪᠡ

    ᠰᠣᠷᠬᠣ ᠪᠢᠴᠢᠭ᠌ ᠪᠣᠯ ᠣᠳᠤ ᠴᠠᠭ ᠤᠨ ᠠᠯᠢ ᠴᠣ ᠦᠨᠳᠦᠰᠦᠳᠡᠨ ᠶᠠᠰᠣᠳᠠᠨ ᠤ ᠰᠣᠷᠭᠠᠨ ᠬᠦᠮᠥᠵᠢᠯ ᠪᠣᠯᠪᠠᠰᠣᠷᠠᠯ ᠤᠨ ᠰᠠᠭᠣᠷᠢ ᠴᠢᠯᠠᠭᠣ ᠪᠣᠯᠬᠣ ᠶᠣᠮ᠃ ᠡᠢᠢᠨ ᠬᠦ ᠰᠣᠷᠬᠣ ᠪᠢᠴᠢᠭ᠌ ᠢ ᠨᠠᠢᠢᠷᠠᠭᠣᠯᠵᠣ ᠬᠡᠪᠯᠡᠬᠦᠯᠬᠦ ᠠᠵᠢᠯ ᠨᠢ ᠤᠯᠤᠰ ᠦᠨᠳᠦᠰᠦᠲᠡᠨ ᠦ ᠰᠤᠷᠭᠠᠨ ᠬᠦᠮᠦᠵᠢᠯ ᠪᠣᠯᠪᠠᠰᠤᠷᠠᠯ ᠤᠨ ᠬᠥᠭᠵᠢᠯ ᠦᠨ ᠬᠠᠨᠳᠤᠰᠢ ᠬᠢᠷᠢ ᠲᠥᠪᠰᠢᠨ ᠢ ᠭᠠᠷᠴᠠᠭ᠎ᠠ ᠦᠭᠡᠢ ᠨᠥᠯᠦᠭᠡᠯᠡᠵᠦ ᠪᠠᠶᠢᠳᠠᠬ ᠠᠵᠠᠢ᠃ ᠬᠦᠮᠥᠨ ᠵᠣᠨ᠂ ᠠᠮᠢᠳᠠᠨ ᠣᠷᠭᠣᠮᠠᠯ ᠠᠮᠢᠵᠢᠷᠠᠯ ᠲᠥᠯᠵᠢᠯ ᠢ ᠣᠬᠳᠣᠨ ᠬᠣᠷᠣᠢᠢᠯᠠᠬᠰᠠᠨ ᠬᠠᠪᠣᠷ ᠤᠨ ᠲᠦᠷᠪᠡᠨ ᠰᠠᠷ᠎ᠠ  ᠳᠣ ᠶᠡᠷᠦᠩᠬᠡᠢ ᠨᠠᠢᠢᠷᠠᠭᠣᠯᠣᠬᠴᠢ ᠪᠠᠶᠠᠨᠪᠠᠭᠠᠳᠣᠷ ᠪᠡᠷ ᠨᠢᠭᠡᠨ ᠭᠠᠯ ᠠᠶᠠᠨ ᠢ ᠲᠠᠭᠠᠭᠣᠯᠵᠣ᠂ ᠣᠯᠠᠭᠠᠨᠬᠠᠳᠠ ᠬᠣᠳᠠ ᠶᠢᠨ ᠳ᠋ᠠᠪᠠᠨ ᠤ ᠨᠢᠭᠡᠳᠦᠭᠡᠷ ᠲᠣᠮᠳᠠᠳᠣ ᠰᠣᠷᠭᠠᠭᠣᠯᠢ᠂ ᠴᠢᠪᠠᠭ᠎ᠠ ᠶᠢᠨ ᠦᠨᠳᠦᠰᠦᠳᠡᠨ ᠤ ᠲᠣᠮᠳᠠᠳᠣ ᠰᠣᠷᠭᠠᠭᠣᠯᠢ᠂ ᠴᠢᠪᠠᠭ᠎ᠠ ᠶᠢᠨ ᠲᠠᠪᠣᠳᠣᠭᠠᠷ ᠲᠣᠮᠳᠠᠳᠣ ᠰᠣᠷᠭᠠᠭᠣᠯᠢ᠂ ᠴᠢᠪᠠᠭ᠎ᠠ ᠶᠢᠨ ᠮᠣᠩᠭᠣᠯ ᠦᠨᠳᠦᠰᠦᠳᠡᠨ ᠤ ᠲᠣᠷᠰᠢᠯᠳᠠ ᠶᠢᠨ ᠪᠠᠭ᠎ᠠ ᠰᠣᠷᠭᠠᠭᠣᠯᠢ ᠳᠣ ᠬᠦᠨᠵᠡᠬᠡᠢᠢᠷᠡᠨ᠂ ᠬᠢᠴᠢᠶᠡᠯ ᠤᠨ ᠲᠠᠩᠬᠢᠮ᠂ ᠰᠣᠳᠣᠯᠭᠠᠨ ᠤ ᠲᠠᠰᠣᠬ ᠲᠣ ᠬᠦᠷᠴᠦ᠂ ᠵᠢᠭᠠᠨ ᠰᠣᠷᠭᠠᠯᠳᠠ ᠶᠢᠨ ᠡᠮᠦᠨ᠎ᠡ ᠡᠩᠨᠡᠭᠡᠨ ᠤ ᠪᠠᠬᠰᠢ ᠪᠠ ᠰᠣᠷᠭᠠᠭᠣᠯᠢ ᠶᠢᠨ ᠣᠳᠣᠷᠢᠳᠣᠯᠭ᠎ᠠ ᠨᠠᠷ ᠲᠠᠢ ᠣᠴᠠᠷᠠᠨ ᠵᠣᠯᠭᠠᠵᠣ᠂ ᠰᠣᠷᠬᠣ ᠪᠢᠴᠢᠭ᠌ ᠨᠠᠢᠢᠷᠠᠭᠣᠯᠵᠣ ᠬᠡᠪᠯᠡᠬᠦᠯᠬᠦ ᠠᠵᠢᠯ ᠤᠨ ᠲᠣᠬᠠᠢ ᠨᠠᠷᠢᠨ ᠲᠠᠢᠢᠯᠣᠮᠵᠢ ᠬᠢᠭ᠌ᠰᠡᠨ ᠪᠠᠢᠢᠨ᠎ᠠ᠃
    ᠲᠡᠷᠡ ᠪᠡᠷ ᠰᠤᠷᠬᠤ ᠪᠢᠴᠢᠭ᠌ ᠨᠠᠢᠢᠷᠠᠭᠤᠯᠵᠤ ᠬᠡᠪᠯᠡᠭᠦᠯᠬᠦ ᠠᠵᠢᠯ ᠤᠨ ᠪᠦᠬᠦ ᠶᠠᠪᠤᠴᠠ ᠶᠢ ᠲᠣᠳᠣᠷᠠᠭᠣᠯᠣᠨ ᠶᠠᠷᠢᠬᠣ ᠶᠢᠨ ᠬᠠᠮᠳᠣ ᠤᠯᠤᠰ ᠣᠷᠤᠨ ᠤ ᠬᠢᠴᠢᠶᠡᠯ ᠬᠦᠮᠦᠵᠢᠯ ᠦᠨ ᠦᠭᠡᠷᠡᠴᠢᠯᠡᠯᠲᠡ᠂ ᠬᠡᠯᠡ ᠪᠢᠴᠢᠭ᠌ ᠦᠨ ᠬᠢᠴᠢᠶᠡᠯ ᠦᠨ ᠪᠠᠷᠢᠮᠵᠢᠶ᠎ᠠ ᠶᠢ ᠰᠤᠳᠤᠯᠤᠨ ᠲᠣᠭᠲᠠᠭᠠᠭᠰᠠᠨ ᠥᠩᠭᠡᠷᠡᠯᠲᠡ ᠶᠠᠪᠤᠴᠠ ᠵᠢᠴᠢ ᠦᠪᠦᠷ ᠮᠣᠩᠭᠣᠯ ᠤᠨ ᠰᠣᠷᠭᠠᠨ ᠬᠦᠮᠥᠵᠢᠯ ᠤᠨ ᠬᠡᠪᠯᠡᠯ ᠤᠨ ᠬᠣᠷᠢᠶ᠎ᠠ ᠡᠴᠠ ᠨᠠᠢᠢᠷᠠᠭᠤᠯᠵᠤ ᠣᠷᠴᠢᠭᠤᠯᠤᠨ ᠬᠡᠪᠯᠡᠭᠦᠯᠵᠦ ᠪᠠᠢᠢᠭ᠎ᠠ ᠰᠤᠷᠬᠤ ᠪᠢᠴᠢᠭ᠌᠂ ᠳᠠᠭᠠᠯᠲᠠ ᠪᠢᠴᠢᠭ᠌ ᠦᠨ ᠲᠥᠷᠦᠯ ᠵᠦᠢᠯ ᠵᠡᠷᠭᠡ ᠶᠢ ᠲᠣᠭᠠᠴᠠᠨ ᠲᠠᠨᠢᠯᠴᠠᠭᠣᠯᠣᠬᠰᠠᠨ ᠪᠠᠢᠢᠨ᠎ᠠ᠃ ᠲᠡᠷᠡ ᠲᠠᠢᠢᠯᠣᠮᠵᠢ ᠳᠣ ᠪᠡᠨ ᠪᠠᠰᠠ ᠥᠪᠡᠷ ᠦᠨ ᠪᠠᠭ᠎ᠠ ᠵᠠᠯᠠᠭᠤ ᠨᠠᠰᠤᠨ ᠤ ᠦᠶ᠎ᠡ ᠶᠢᠨ ᠰᠤᠷᠤᠯᠭ᠎ᠠ ᠬᠦᠮᠦᠵᠢᠯ ᠳᠦ ᠭᠦᠨ ᠨᠥᠯᠦᠭᠡ ᠦᠵᠡᠭᠦᠯᠦᠭᠰᠡᠨ ᠪᠠᠭᠰᠢ ᠨᠠᠷ ᠤᠨ ᠵᠢᠭᠠᠬᠤ ᠠᠷᠭ᠎ᠠ ᠶᠢ ᠡᠷᠭᠢᠴᠡᠭᠦᠯᠦᠨ ᠶᠠᠷᠢᠵᠤ᠂ ᠵᠢᠭᠠᠬᠤ ᠮᠠᠲ᠋ᠧᠷᠢᠶᠠᠯ ᠢ ᠬᠡᠷᠬᠢᠨ ᠵᠥᠪ ᠢᠢᠡᠷ ᠲᠠᠨᠢᠵᠤ ᠵᠣᠬᠢᠰᠲᠠᠢ ᠠᠰᠢᠭᠯᠠᠨ ᠦᠢᠯᠡᠳᠦᠯ ᠢ ᠨᠢ ᠪᠠᠳᠠᠷᠠᠭᠤᠯᠬᠤ ᠲᠤᠬᠠᠢ ᠥᠪᠡᠷ ᠦᠨ ᠲᠠᠨᠢᠯᠲᠠ ᠵᠢᠴᠢ ᠪᠠᠭᠰᠢ ᠨᠠᠷ ᠲᠤ ᠥᠭᠬᠦ ᠰᠠᠨᠠᠭᠤᠯᠭ᠎ᠠ ᠪᠠᠨ ᠶᠠᠷᠢᠵᠠᠢ᠃ ᠲᠡᠷᠡ ᠪᠡᠷ ᠪᠠᠰᠠ ᠰᠣᠷᠭᠠᠭᠣᠯᠢ ᠶᠢᠨ ᠬᠢᠨ᠂ ᠵᠢᠭᠠᠨ ᠰᠣᠷᠭᠠᠯᠳᠠ ᠶᠢᠨ ᠡᠮᠦᠨ᠎ᠡ ᠡᠩᠨᠡᠭᠡᠨ ᠳᠣ ᠭᠠᠷᠮᠠᠭᠠᠢᠢᠯᠠᠨ ᠠᠵᠢᠯᠯᠡᠵᠣ ᠪᠠᠢᠢᠭ᠎ᠠ ᠦᠷᠭᠡᠨ ᠣᠯᠠᠨ ᠪᠠᠬᠰᠢ ᠨᠠᠷ ᠵᠢᠴᠢ ᠰᠣᠷᠣᠬᠴᠢ ᠨᠦᠬᠦᠳ ᠰᠣᠷᠬᠣ ᠪᠢᠴᠢᠭ᠌ ᠨᠠᠢᠢᠷᠠᠭᠣᠯᠵᠣ ᠬᠡᠪᠯᠡᠬᠦᠯᠬᠦ ᠠᠵᠢᠯ ᠳᠣ ᠰᠠᠨᠠᠯ ᠢᠢᠡᠨ ᠦᠭᠴᠦ ᠢᠳᠡᠪᠬᠢᠳᠡᠢ ᠣᠷᠣᠯᠴᠠᠬᠣ ᠶᠢ ᠴᠢᠩ ᠰᠡᠳᠬᠢᠯ ᠡᠴᠡ ᠪᠡᠨ ᠬᠦᠰᠡᠭᠰᠠᠨ ᠪᠠᠢᠢᠨ᠎ᠠ᠃
    ᠶᠡᠷᠦᠩᠬᠡᠢ ᠨᠠᠢᠢᠷᠠᠭᠣᠯᠣᠬᠴᠢ ᠪᠠᠶᠠᠨᠪᠠᠭᠠᠳᠣᠷ ᠭᠣᠷᠪᠠᠨ ᠡᠳᠦᠷ ᠲᠣ ᠬᠣᠶᠠᠷ ᠮᠢᠩᠭ᠎ᠠ ᠭᠠᠷᠣᠢ ᠺᠢᠯᠣᠮᠸᠲ᠋ᠷ ᠠᠶᠠᠯᠠᠵᠣ᠂ ᠲᠦᠷᠪᠡᠨ ᠲᠠᠯᠠᠪᠠᠢ ᠲᠠᠢᠢᠯᠣᠮᠵᠢ ᠬᠢᠵᠦ᠂ ᠴᠢᠪᠠᠭ᠎ᠠ ᠮᠣᠩᠭᠣᠯ ᠦᠨᠳᠦᠰᠦᠳᠡᠨ ᠤ ᠲᠣᠮᠳᠠᠳᠣ ᠰᠣᠷᠭᠠᠭᠣᠯᠢ ᠶᠢᠨ《ᠰᠣᠶᠣᠯ ᠤᠨ ᠬᠦᠮᠦᠷᠭᠡ》ᠪᠠ ᠳ᠋ᠠᠪᠠᠨ ᠨᠢᠭᠡᠳᠦᠭᠡᠷ ᠲᠣᠮᠳᠠᠳᠣ ᠰᠣᠷᠭᠠᠭᠣᠯᠢ ᠶᠢᠨ《ᠰᠣᠶᠣᠯ ᠤᠨ ᠬᠦᠮᠦᠷᠭᠡ》ᠵᠡᠷᠭᠡ ᠰᠣᠶᠣᠯ ᠰᠣᠳᠣᠯᠣᠯ ᠤᠨ ᠨᠢᠭᠡᠴᠢ ᠶᠢ ᠰᠣᠨᠢᠷᠬᠠᠨ ᠦᠵᠡᠵᠦ᠂ ᠰᠠᠨᠠᠯ ᠰᠠᠨᠠᠭᠣᠯᠭ᠎ᠠ ᠪᠡᠨ ᠦᠭᠬᠦᠭᠰᠡᠨ ᠪᠠᠶᠢᠨ᠎ᠠ᠃ ᠠᠮᠵᠢᠯᠳᠠ ᠲᠠᠢ ᠬᠢᠭ᠌ᠳᠡᠭᠰᠡᠨ ᠡᠨᠡ ᠬᠦ ᠣᠳᠠᠭᠠᠨ ᠤ ᠲᠠᠢᠢᠯᠣᠮᠵᠢ ᠨᠢ ᠰᠣᠷᠬᠣ ᠪᠢᠴᠢᠭ᠌ ᠤᠨ ᠨᠠᠢᠢᠷᠠᠭᠣᠯᠵᠣ ᠬᠡᠪᠯᠡᠬᠦᠯᠬᠦ ᠠᠵᠢᠯ ᠣᠢᠢᠯᠡᠰ ᠲᠣ ᠰᠠᠢᠢᠨ ᠢᠢᠡᠷ ᠨᠦᠯᠦᠬᠡᠯᠡᠬᠦ ᠪᠣᠯᠣᠭᠠᠰᠠᠢ᠃(ᠰᠣᠳᠣᠪᠠᠭᠠᠳᠣᠷ ᠮᠡᠳᠡᠭᠡᠯᠡᠪᠡ )